ᠵᠢᠩᠨᠡᠵᠦ ᠭᠠᠷᠭᠠᠬᠰᠠᠨ ᠪᠤᠶᠤ  ᠴᠢᠨᠠᠵᠦ ᠭᠠᠷᠭᠠᠬᠰᠠᠨ ᠲᠤᠲᠤᠷᠭ᠎ᠠ ᠪᠤᠳᠠᠭ᠎ᠠ ᠶᠢ ᠬᠥᠷᠥᠭᠡᠭᠡᠳ ᠢᠳᠡᠪᠡᠯ ᠦᠨᠡᠬᠡᠷ ᠡᠳᠡᠭᠡᠷ ᠦᠢᠯᠡᠳᠦᠯ ᠲᠠᠢ
ᠨᠡᠶᠢᠲᠡᠯᠡᠭᠰᠡᠨ ᠴᠠᠭ᠄
2024/2/21
     ᠵᠢᠩᠨᠡᠵᠦ ᠭᠠᠷᠭᠠᠬᠰᠠᠨ ᠪᠤᠶᠤ ᠴᠢᠨᠠᠵᠦ ᠭᠠᠷᠭᠠᠬᠰᠠᠨ ᠲᠤᠲᠤᠷᠭ᠎ᠠ ᠪᠤᠳᠠᠭ᠎ᠠ ᠶᠢ ᠬᠥᠷᠥᠭᠡᠭᠡᠳ ᠢᠳᠡᠪᠡᠯ ᠴᠢᠰᠤᠨ ᠤ ᠥᠭᠡᠬᠦ᠂ ᠴᠢᠰᠤᠨ ᠰᠢᠬᠢᠷ᠂ ᠥᠭᠡᠬᠦᠯᠡᠭᠰᠡᠨ ᠡᠯᠢᠭᠡ ᠳᠤ ᠠᠰᠢᠬᠳᠠᠢ ᠤᠤ︖ ᠬᠠᠷᠢᠭᠤᠯᠲᠠ᠄ ᠵᠣᠬᠢᠬᠤ ᠦᠷ᠎ᠡ ᠦᠢᠯᠡᠳᠦᠯ ᠲᠠᠢ᠃             ᠲᠤᠲᠤᠷᠭ᠎ᠠ ᠪᠤᠳᠠᠭ᠎ᠠ ᠪᠠᠨ ᠬᠥᠷᠥᠭᠡᠪᠡᠯ᠂ ᠨᠢᠭᠡ ᠪᠦᠯᠦᠭ ᠵᠤᠲᠠᠩᠰᠢᠭᠰᠠᠨ ᠴᠠᠷᠳᠠᠭᠤᠯ ᠨᠢ ᠳᠠᠬᠢᠭᠠᠳ      ᠤᠤᠯ ᠤᠨ ᠪᠠᠶᠢᠳᠠᠯ ᠳᠠᠭᠠᠨ ᠣᠷᠣᠳᠠᠭ᠂ ᠡᠭᠦᠨ ᠢ ︽ᠬᠠᠭᠤᠴᠢᠷᠠᠵᠤ ᠳᠠᠬᠢᠨ ᠠᠮᠢᠯᠠᠬᠤ︾ ᠭᠡᠳᠡᠭ᠂ ᠡᠨᠡ ᠬᠦ ᠶᠠᠪᠤᠴᠠ ᠳᠤ ᠵᠠᠷᠢᠮ ᠲᠡᠰᠪᠦᠷᠢᠯᠡᠬᠦ ᠴᠢᠨᠠᠷᠲᠠᠶ ᠴᠠᠷᠳᠠᠭᠤᠯ ᠡᠭᠦᠰᠳᠡᠭ᠃             ᠲᠡᠰᠪᠦᠷᠢᠯᠡᠬᠦ ᠴᠢᠨᠠᠷᠲᠠᠶ ᠴᠠᠷᠳᠠᠭᠤᠯ ᠤᠨ ᠮᠥᠨ ᠴᠢᠨᠠᠷ ᠨᠢ ᠴᠠᠷᠳᠠᠭᠤᠯ ᠢ ᠲᠡᠰᠪᠦᠷᠢᠯᠡᠬᠦ ᠢᠰᠬᠡᠭᠦᠷ ᠤᠰᠤᠵᠢᠨ ᠵᠠᠳᠠᠷᠠᠵᠤ᠂ ᠭᠢᠨᠵᠢᠯᠢᠭ ᠴᠠᠷᠳᠠᠭᠤᠯ ᠤᠨ ᠮᠣᠯᠧᠺᠦ᠋ᠯ ᠨᠢ ᠬᠡᠰᠡᠭ  ᠲᠠᠯᠠᠰᠵᠢᠬᠤ ᠪᠠᠶᠢᠳᠠᠯ ᠢ ᠪᠣᠶ ᠪᠣᠯᠭᠠᠵᠤ᠂ ᠴᠠᠷᠳᠠᠭᠤᠯ ‍ᠤᠨ‌ᠢᠰᠬᠡᠭᠦᠷ ᠢ ᠦᠵᠦᠮ ᠤᠨ ᠰᠢᠬᠢᠷ ᠤᠨ ᠬᠤᠭᠤᠷᠣᠨᠳᠣᠬᠢ ᠰᠢᠬᠢᠷᠵᠢᠮᠡᠭ ᠤᠨ ᠬᠤᠯᠪᠣᠭᠠᠰᠤ ᠶᠢ ᠤᠰᠤᠵᠢᠭᠤᠯᠤᠨ  ᠵᠠᠳᠠᠷᠠᠭᠤᠯᠵᠤ ᠳᠡᠶᠢᠯᠬᠦ ᠥᠬᠡᠶ ᠪᠣᠯᠭᠠᠳᠠᠭ᠂ ᠡᠶᠢᠮᠦ ᠠᠴᠠ ᠲᠡᠭᠦᠨ ᠢ ᠪᠡᠶ᠎ᠡ ᠶᠢᠨ ᠬᠡᠷᠡᠭᠰᠡᠬᠦ ᠦᠵᠦᠮ ᠤᠨ ᠰᠢᠬᠢᠷ ᠪᠣᠯᠭᠠᠨ ᠬᠦᠢᠴᠡᠳ ᠵᠠᠳᠠᠷᠠᠭᠤᠯᠵᠤ ᠳᠡᠶᠢᠯᠬᠦ ᠥᠬᠡᠶ᠂ ᠲᠡᠷᠡ ᠨᠢ  ᠬᠤᠳᠣᠭᠤᠳᠣ ᠭᠡᠳᠡᠰᠦᠨ ᠳᠤ ᠰᠢᠩᠭᠡᠭᠡᠬᠦ ᠬᠤᠷᠳᠤᠴᠠ ᠨᠢ ᠤᠳᠠᠭᠠᠨ᠂ ᠪᠠᠷᠤᠭ ᠰᠢᠩᠭᠡᠭᠡᠭᠳᠡᠬᠦ ᠥᠬᠡᠶ ᠪᠠᠶᠢᠵᠤ᠂ ᠢᠳᠡᠰᠢ ᠶᠢᠨ ᠰᠢᠷᠬᠡᠭ ᠲᠠᠢ ᠠᠳᠠᠯᠢᠪᠲᠤᠷ ᠦᠢᠯᠡᠳᠦᠯ ᠦᠵᠡᠬᠦᠯᠵᠦ᠂ ᠪᠦᠳᠦᠭᠦᠨ ᠭᠡᠳᠡᠰᠦ   ᠳᠤ ᠮᠢᠺᠷᠣᠪ ᠲᠤ ᠠᠰᠢᠭᠯᠠᠬᠳᠠᠳᠠᠭ᠃             ᠦᠷᠭᠦᠯᠵᠢ ᠲᠡᠰᠪᠦᠷᠢᠯᠡᠬᠦ ᠴᠢᠨᠠᠷᠲᠠᠶ ᠴᠠᠷᠳᠠᠭᠤᠯ ᠡᠯᠪᠡᠭ ᠠᠭᠤᠯᠤᠭᠰᠠᠨ ᠢᠳᠡᠭᠡᠨ ᠢ ᠢᠳᠡᠪᠡᠯ ᠰᠢᠬᠢᠷ ᠤᠨ ᠥᠭᠡᠬᠦᠨ ᠤ ᠰᠣᠯᠢᠯᠴᠠᠭ᠎ᠠ ᠶᠢ ᠰᠠᠶᠢᠵᠢᠷᠠᠭᠤᠯᠵᠤ᠂ ᠬᠤᠭᠤᠯᠠᠨ ᠤ ᠳᠠᠷᠠᠭᠠᠬᠢ ᠴᠢᠰᠤᠨ ᠰᠢᠬᠢᠷ ᠢ ᠰᠠᠶᠢᠵᠢᠷᠠᠭᠤᠯᠵᠤ᠂ ᠭᠡᠳᠡᠰᠦᠨ ᠤ ᠡᠷᠡᠭᠦᠯ ᠮᠡᠨᠳᠦ ᠶᠢ ᠬᠠᠮᠠᠭᠠᠯᠠᠵᠤ᠂ ᠡᠯᠢᠭᠡ ᠥᠭᠡᠬᠦᠯᠡᠬᠦ ᠪᠠ ᠮᠠᠷᠢᠶ᠎ᠠ ᠰᠢᠭᠤᠷᠠᠭᠤᠯᠬᠤ ᠳᠤ ᠠᠰᠢᠭᠲᠠᠶ ᠶᠤᠮ᠃             ᠰᠢᠩᠭᠡᠭᠡᠯᠲᠡ ᠶᠢᠨ ᠴᠢᠳᠠᠪᠤᠷᠢ ᠠᠨᠠᠶ᠂ ᠬᠤᠳᠣᠭᠤᠳᠣ ᠭᠡᠳᠡᠰᠦᠨ ᠤ ᠡᠪᠡᠳᠴᠢᠨ ᠲᠠᠢ᠂ ᠪᠡᠶ᠎ᠡ ᠲᠤᠷᠠᠩᠬᠠᠶ ᠬᠥᠮᠦᠨ ᠳᠤ ᠠᠪᠴᠤ ᠬᠡᠯᠡᠪᠡᠯ᠂ ᠲᠣᠰ ᠪᠡᠶ᠎ᠡ ᠶᠢᠨ ᠰᠢᠩᠭᠡᠭᠡᠯᠲᠡ ᠶᠢᠨ ᠰᠢᠩᠭᠡᠨ ᠤ ᠰᠢᠭᠦᠷᠡᠯᠲᠡ ᠨᠢ ᠬᠦᠷᠦᠯᠴᠡᠬᠦ ᠥᠬᠡᠶ ᠪᠠᠶᠢᠳᠠᠭ᠂ ᠬᠡᠷᠪᠡ ᠪᠠᠰᠠ ᠬᠦᠢᠳᠡᠨ ᠢᠳᠡᠭᠡᠨ ᠢᠳᠡᠵᠦ ᠬᠤᠳᠣᠭᠤᠳᠣ ᠪᠠᠨ ᠬᠦᠷᠦᠭᠡᠪᠡᠯ᠂ ᠡᠪᠡᠳᠴᠢᠨ ᠤ ᠪᠠᠶᠢᠳᠠᠯ ᠢ  ᠬᠦᠨᠳᠦᠷᠡᠭᠦᠯᠵᠦ ᠮᠡᠳᠡᠨ᠎ᠡ᠂ ᠡᠶᠢᠮᠦ ᠠᠴᠠ ᠠᠯᠢ ᠴᠢᠳᠠᠬᠤ ᠪᠠᠷ ᠣᠷᠳᠣ ᠬᠤᠭᠤᠴᠠᠭ᠎ᠠ ᠪᠠᠷ ᠬᠦᠢᠳᠡᠨ ᠲᠤᠲᠤᠷᠭ᠎ᠠ ᠢᠳᠡᠬᠦ ᠠᠴᠠ ᠵᠠᠶᠢᠯᠠᠰᠬᠢᠬᠦ ᠬᠡᠷᠡᠭᠲᠡᠶ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号