ᠴᠠᠰᠤ ᠦᠭᠡᠢ ᠪᠠᠷ ᠡᠪᠦᠯ ᠢ ᠶᠠᠭᠠᠬᠢᠵᠤ ᠲᠥᠰᠥᠭᠡᠯᠡᠨ᠎ᠡ ᠪᠤᠢ⁈ | ᠶᠢᠷᠲᠢᠨᠴᠦ ᠶᠢᠨ ᠠᠮᠢᠨ ᠭᠤᠣᠯ ᠪᠣᠯ ᠤᠰᠤ᠃ ᠤᠰᠤ᠂ ᠲᠡᠭᠷᠢ ᠭᠠᠵᠠᠷ ᠬᠥᠮᠥᠨ ᠤ ᠬᠤᠷᠸ᠎ᠠ ᠭᠤᠷᠪᠠᠨ | ᠶᠢᠷᠲᠢᠨᠴᠦ ᠪᠠᠷ ᠵᠣᠭᠰᠣᠰᠢ ᠦᠭᠡᠢ ᠯᠤᠭᠰᠢᠨ ᠪᠠᠶᠢᠳᠠᠭ᠃ ᠤᠰᠤ ᠠᠭᠤᠷᠰᠢᠪᠠᠯ ᠠᠭᠤᠷ ᠪᠣᠯᠣᠨ᠎ᠠ᠂ ᠴᠠᠷᠴᠠᠪᠠᠯ | ᠬᠢᠷᠠᠭᠤ ᠪᠣᠯᠣᠨ᠎ᠠ᠃ ᠪᠠᠰᠠ ᠡᠭᠦᠯᠡ ᠪᠣᠯᠵᠤ ᠭᠦᠪᠦᠯᠵᠡᠨ᠎ᠡ᠂ ᠪᠣᠷᠣᠭᠠᠨ ᠪᠣᠯᠵᠤ ᠰᠢᠪᠡᠷᠡᠨ᠎ᠡ᠂ ᠮᠠᠨᠠᠨ ᠪᠣᠯᠵᠤ | ᠪᠦᠷᠦᠯᠵᠡᠨᠡ᠂ ᠰᠢᠭᠦᠳᠡᠷᠢ ᠪᠣᠯᠵᠤ ᠮᠡᠯᠲᠡᠭᠡᠨᠡᠨ᠎ᠡ᠂ ᠴᠠᠰᠤ ᠪᠣᠯᠵᠤ ᠯᠠᠪᠰᠠᠯᠠᠨ᠎ᠠ᠂ ᠮᠥᠰᠥ ᠪᠣᠯᠵᠤ ᠭᠦᠯᠳᠦᠭᠡᠨᠡᠨᠡ᠃ | ᠤᠰᠤ ᠶᠡᠷᠦ ᠨᠢ ᠳᠦᠷᠰᠦ ᠪᠠᠨ ᠬᠤᠪᠢᠷᠠᠭᠠᠵᠤ ᠳᠠᠩᠳᠠ ᠵᠣᠷᠴᠢᠵᠤ ᠯᠠ ᠪᠠᠶᠢᠳᠠᠭ ᠠᠴᠠ ᠠᠮᠢ ᠠᠮᠢᠳᠠᠨ ᠡᠰᠡᠨᠢᠨ | ᠲᠥᠯᠵᠢᠵᠦ ᠪᠠᠶᠢᠳᠠᠭ᠃ | ᠴᠠᠰᠤ ᠪᠣᠯ ᠤᠰᠤᠨ ᠤ ᠨᠢᠭᠡ ᠭᠡᠯᠪᠡᠷᠢ᠃ ᠴᠠᠰᠤ ᠥᠪᠡᠷ ᠤᠨ ᠢᠶᠠᠨ ᠭᠡᠯᠪᠡᠷᠢ ᠪᠠᠷ ᠣᠷᠣᠰᠢᠵᠤ᠂ ᠣᠨᠳᠣᠣ | ᠨᠢᠭᠡᠨ ᠶᠢᠷᠲᠢᠨᠴᠦ - ᠡᠪᠦᠯ ᠢ ᠪᠦᠲᠦᠭᠡᠳᠡᠭ᠃ | ᠴᠡᠴᠡᠭ ᠬᠤᠸᠠᠷ ᠬᠤᠪᠠᠭ᠋ᠠᠶᠢᠷᠠᠵᠤ᠂ ᠮᠣᠳᠣᠳ ᠨᠢᠴᠦᠭᠦᠷᠡᠵᠦ᠂ ᠨᠡᠭᠦᠳᠡᠯ ᠤᠨ ᠰᠢᠪᠠᠭᠤᠳ ᠪᠤᠴᠠᠵᠤ᠂ ᠴᠠᠭ | ᠠᠭᠤᠷ ᠬᠦᠢᠲᠡᠷᠡᠵᠦ᠂ ᠴᠠᠰᠤᠨ ᠯᠠᠪᠰᠠ ᠪᠥᠵᠢᠨ᠎ᠡ ᠁ ᠲᠡᠷᠡ ᠤᠯᠠᠨ ᠬᠤᠭ ᠲᠣᠭᠤᠰᠣ ᠶᠢ ᠳᠠᠷᠤᠬᠤ ᠭᠡᠵᠦ᠂ | ᠬᠠᠯᠲᠠᠷ ᠪᠤᠯᠳᠠᠷ ᠶᠢᠷᠲᠢᠨᠴᠦ ᠶᠢ ᠠᠷᠢᠭᠤᠯᠠᠬᠤ ᠭᠡᠵᠦ ᠴᠠᠰᠤ ᠪᠥᠵᠢᠵᠦ ᠯᠡ ᠪᠠᠶᠢᠳᠠᠭ᠃ ᠨᠠᠷᠭᠢᠶᠠᠨ ᠱᠤᠤᠭᠢᠶᠠᠨ | ᠨᠠᠮᠳᠠᠵᠤ᠂ ᠨᠠᠮ ᠵᠢᠮ ᠶᠢᠷᠲᠢᠨᠴᠦ ᠳᠤ ᠬᠥᠮᠥᠰ ᠥᠪᠡᠷ ᠵᠦᠭ ᠢᠶᠠᠨ᠂ ᠰᠡᠳᠬᠢᠯ ᠵᠦᠭ ᠢᠶᠠᠨ ᠥᠩᠭᠡᠶᠢᠭᠡᠷᠡᠢ ᠭᠡᠵᠦ | ᠰᠠᠨᠠᠭᠤᠯᠵᠤ ᠦᠳᠦᠨ ᠴᠠᠭᠠᠨ ᠴᠠᠰᠤ ᠬᠠᠶᠠᠯᠠᠵᠤ ᠯᠡ ᠪᠠᠶᠢᠳᠠᠭ᠃ | ᠰᠡᠪ ᠦᠭᠡᠢ ᠰᠠᠶᠢᠬᠠᠨ ᠶᠢᠷᠲᠢᠨᠴᠦ ᠶᠢ ᠪᠦᠲᠦᠭᠡᠬᠦ ᠭᠡᠵᠦ ᠴᠠᠰᠤᠨ ᠴᠡᠴᠡᠭ ᠳᠡᠯᠭᠡᠷᠡᠨ᠎ᠡ᠃ ᠣᠭᠲᠠᠷᠭᠤᠢ | ᠳᠦᠭᠦᠷᠡᠩ ᠴᠠᠰᠤᠨ ᠴᠡᠴᠡᠭ ᠪᠥᠵᠢᠬᠦ ᠪᠠᠷ ᠠᠭᠤᠯᠠ ᠲᠠᠯ᠎ᠠ᠂ ᠲᠤᠪᠤ ᠳᠣᠪᠣᠴᠠᠭ᠂ ᠠᠰᠠᠷ ᠲᠠᠭᠲᠤ᠂ ᠤᠢ ᠮᠣᠳᠣ ᠁ | ᠥᠪᠴᠢ ᠪᠠᠷ ᠢᠶᠠᠨ ᠴᠠᠪ ᠴᠠᠭᠠᠨ᠃ ᠭᠬᠢᠷ ᠲᠣᠭᠤᠰᠣ ᠪᠠᠶᠢᠬᠤ ᠦᠭᠡᠢ᠂ ᠬᠠᠯᠲᠠᠷ ᠡᠷᠢᠶᠡᠨ ᠪᠠᠶᠢᠬᠤ ᠦᠭᠡᠢ᠂ | ᠬᠠᠭᠤᠷᠮᠠᠭ ᠥᠩᠭᠡᠪᠴᠢ ᠪᠠᠶᠢᠬᠤ ᠦᠭᠡᠢ᠃ ︽ᠮᠥᠩᠭᠦᠨ ᠳᠡᠯᠡᠬᠡᠢ ᠶᠢᠨ ᠡᠵᠡᠳ︾ ᠪᠠ ᠴᠠᠰᠤᠨ ᠨᠦᠮᠦᠷᠭᠡᠳᠦ | ᠰᠡᠭᠰᠡᠭᠡᠷ ᠲᠠᠶᠢᠭ᠎ᠠ ᠨᠤᠭᠤᠳ ᠰᠠᠷᠠᠭᠤᠯ ᠲᠠᠯ᠎ᠠ ᠶᠢᠨ ᠴᠢᠮᠡᠭ ᠪᠣᠯᠵᠤ ᠠᠮᠢᠯᠠᠨ᠎ᠠ᠃ ᠴᠠᠭᠠᠨ ᠳᠠᠬᠤ ᠲᠠᠢ ᠶᠡᠬᠡᠮᠰᠦᠭ | ᠵᠤᠬᠰᠤᠬᠤ ᠨᠠᠷᠠᠰᠤ ᠮᠠᠶᠢᠯᠠᠰᠤ ᠠᠴᠠ ᠡᠷᠡᠯᠬᠡᠭ ᠵᠠᠩᠵᠤᠨ ᠤ ᠣᠮᠤᠭ ᠰᠦᠷ ᠪᠠᠳᠠᠷᠠᠨ᠎ᠠ᠃ ᠡᠪᠦᠯ ᠭᠡᠳᠡᠭ ᠢ ᠬᠠᠬᠢᠷ | ᠬᠦᠢᠲᠡᠨ ᠢᠶᠠᠷ ᠯᠠ ᠣᠶᠢᠯᠠᠭᠠᠬᠤ ᠪᠢᠰᠢ ᠡᠩ ᠦᠭᠡᠢ ᠬᠤᠷᠸ᠎ᠠ ᠶᠢᠨ ᠤᠯᠠᠷᠢᠯ ᠤᠨ ᠵᠦᠢ᠂ ᠮᠥᠨ ᠴᠦ ᠡᠬᠡ | ᠪᠠᠶᠢᠭᠠᠯᠢ ᠶᠢᠨ ᠵᠢᠷᠤᠭᠯᠠᠭᠰᠠᠨ ᠡᠲᠡᠭᠡᠳ ᠭᠤᠶᠤ ᠦᠵᠡᠮᠵᠢ ᠶᠢᠨ ᠵᠢᠷᠤᠭ᠂ ᠦᠨᠡᠨ ᠴᠢᠨᠠᠷ ᠤᠨ ᠰᠢᠯᠭᠠᠭᠤᠷ᠂ ᠥᠯᠴᠢᠷ | ᠲᠡᠰᠪᠦᠷᠢ ᠶᠢᠨ ᠳᠠᠭᠠᠭᠠᠴᠠ ᠶᠤᠮ᠃ | ᠠᠷᠢᠭᠤᠨ ᠴᠠᠭᠠᠨ ᠬᠤᠷᠸ᠎ᠠ ᠳᠤ ᠠᠯᠳᠠᠨ ᠨᠠᠷᠠᠨ ᠳᠤᠸᠠᠯᠠᠨ ᠭᠡᠷᠡᠯᠳᠦᠵᠦ᠂ ᠠᠮᠤᠷ ᠠᠮᠤᠭᠤᠯᠠᠩ ᠨᠠᠮ | ᠲᠠᠶᠢᠪᠤᠩ ᠪᠣᠯᠣᠨ᠎ᠠ᠃ ᠰᠢᠬᠢᠷ ᠰᠢᠭ ᠴᠠᠪ ᠴᠠᠭᠠᠨ ᠭᠦᠪᠰᠦᠭᠡᠷ ᠵᠥᠭᠡᠯᠡᠨ ᠴᠠᠰᠤ ᠭᠡᠳᠡᠭ ᠦᠨᠡᠨ ᠳᠡᠭᠡᠨ ᠡᠪᠦᠯ ᠤᠨ | ᠱᠣᠰᠢᠭ᠎ᠠ ᠶᠤᠮ᠃ ᠡᠷᠲᠡᠨ ᠠᠴᠠ ᠠᠪᠤᠭᠠᠳ ᠴᠠᠰᠤ ᠴᠠᠭᠠᠨ ᠭᠦᠩᠵᠦ ᠶᠢᠨ ᠲᠤᠮᠤᠭ᠂ ᠴᠠᠭᠯᠠᠰᠢ ᠦᠭᠡᠢ | ᠬᠠᠶᠢᠷ᠎ᠠ ᠶᠢᠨ ᠵᠠᠬᠢᠶ᠎ᠠ ᠨᠤᠭᠤᠳ ᠪᠠᠶᠢᠳᠠᠭ᠃ ᠴᠠᠰᠤᠨ ᠬᠥᠮᠥᠨ ᠵᠣᠬᠢᠶᠠᠴᠢᠬᠠᠭᠠᠳ ᠪᠠᠶᠠᠷᠯᠠᠨ ᠲᠣᠭᠯᠠᠵᠤ ᠪᠠᠶᠢᠭ᠎ᠠ | ᠬᠡᠦᠬᠡᠳ ᠢ ᠬᠠᠷᠠᠭᠠᠴᠢ᠂ ᠬᠡᠴᠢᠨᠡᠨ ᠬᠥᠭᠡᠷᠦᠬᠦᠨ ᠪᠤᠢ︕ ᠬᠡᠦᠬᠡᠳ ᠤᠨ ᠴᠠᠰᠤ ᠰᠢᠭ᠋ ᠭᠬᠢᠷ ᠦᠭᠡᠢ ᠴᠠᠶᠢᠯᠭᠠᠨ | ᠴᠠᠭᠠᠪᠤᠷ ᠶᠢᠷᠲᠢᠨᠴᠦ ᠳᠤ ᠶᠠᠭᠤ ᠪᠦᠭᠦᠨ ᠪᠦᠷᠢᠨ ᠪᠦᠲᠦᠨ ᠭᠤᠶᠤ ᠰᠠᠶᠢᠬᠠᠨ ᠪᠠᠶᠢᠳᠠᠭ᠃ | ᠨᠠᠮ ᠵᠢᠮ ᠶᠢᠷᠲᠢᠨᠴᠦ ᠶᠢ ᠪᠦᠲᠦᠭᠡᠬᠦ ᠭᠡᠵᠦ ᠴᠠᠰᠤ ᠬᠠᠶᠠᠯᠠᠨ᠎ᠠ᠃ ᠵᠤᠨᠵᠢᠨ ᠳᠡᠪᠵᠢᠶᠡᠷᠡᠯᠳᠦᠭᠰᠡᠨ ᠨᠠᠷᠭᠢᠶᠠᠨ | ᠱᠤᠤᠭᠢᠶᠠᠨ ᠨᠠᠮᠳᠠᠵᠤ᠂ ᠨᠠᠮᠤᠭᠲᠤ ᠲᠠᠯ᠎ᠠ ᠴᠡᠯᠳᠡᠶᠢᠵᠦ᠂ ᠨᠠᠭᠠᠰᠢ ᠴᠠᠭᠠᠰᠢ ᠰᠦᠯᠵᠢᠯᠳᠦᠭᠰᠡᠨ ᠠᠯᠠᠭᠳᠠᠭ᠎ᠠ | ᠣᠭᠤᠲᠣᠨ᠎ᠠ ᠴᠦ ᠢᠴᠡᠭᠡᠨ ᠳᠡᠭᠡᠨ ᠣᠷᠣᠪᠠ᠃ ᠨᠠᠮ ᠵᠢᠮ ᠣᠷᠴᠢᠨ ᠳᠤ ᠡᠬᠡ ᠪᠠᠶᠢᠭᠠᠯᠢ ᠶᠢᠨ ᠪᠦᠳᠡᠭᠢᠬᠡᠨ ᠴᠠᠭᠠᠨ | ᠠᠶᠠᠯᠭᠤ ᠰᠣᠨᠣᠷᠳᠠᠨᠠ᠃ ᠨᠠᠮ ᠵᠢᠮ ᠣᠷᠴᠢᠨ ᠳᠤ ᠨᠠᠶᠢᠷᠠᠭ ᠤᠨ ᠣᠩᠭᠤᠳ ᠢ ᠤᠷᠢᠵᠤ᠂ ᠤᠩᠭᠤᠨ ᠪᠢᠯᠢᠭ ᠤᠨ | ᠬᠤᠷᠴᠠ ᠰᠡᠷᠡᠯ ᠠᠭᠤᠳᠠᠮ ᠲᠠᠯ᠎ᠠ ᠪᠠᠷ ᠳᠠᠪᠬᠢᠨ᠎ᠠ᠃ ᠰᠡᠳᠬᠢᠯ ᠤᠨ ᠢᠶᠠᠨ ᠭᠡᠭᠡᠪᠴᠢ ᠪᠠᠷ ᠥᠩᠭᠡᠶᠢᠨ᠂ ᠲᠠᠯ᠎ᠠ ᠮᠡᠲᠦ | ᠲᠠᠶᠢᠪᠤᠭᠤᠬᠠᠨ᠂ ᠤᠰᠤ ᠮᠡᠲᠦ ᠲᠤᠩᠭᠠᠯᠠᠭᠬᠠᠨ ᠢᠶᠠᠷ ᠪᠤᠳᠤᠯ ᠰᠡᠳᠬᠢᠯ ᠲᠠᠢ ᠪᠠᠨ ᠬᠦᠦᠷᠨᠢᠯᠳᠦᠨ᠎ᠡ᠃ | ᠲᠦᠮᠡ ᠲᠦᠴᠢᠭᠢᠨᠡᠵᠦ ᠪᠤᠮᠠ ᠪᠤᠵᠢᠭᠢᠨᠠᠭᠰᠠᠨ ᠬᠤᠳᠠ ᠶᠢᠨ ᠬᠥᠯ ᠦᠢᠮᠡᠭᠡᠨ ᠳᠤ ᠪᠡᠶ᠎ᠡ ᠰᠡᠳᠬᠢᠯ ᠮᠢᠨᠢ | ᠶᠠᠳᠠᠷᠠᠵᠤ ᠴᠢᠯᠡᠵᠦ ᠪᠠᠶᠢᠭᠰᠠᠨ᠃ ᠡᠨᠡ ᠰᠠᠶᠢᠬᠠᠨ ᠨᠠᠮ ᠵᠢᠮ ᠳᠤ ᠢᠷᠠᠭᠤ ᠨᠠᠶᠢᠷᠠᠭ ᠤᠨ ᠠᠮᠲᠠᠲᠤ ᠲᠠᠷᠠᠰᠤᠨ ᠢ | ᠰᠢᠮᠡᠵᠦ᠂ ᠶᠠᠭᠠᠬᠢᠬᠤ ᠶᠢᠨ ᠠᠷᠭ᠎ᠠ ᠦᠭᠡᠢ ᠬᠥᠭᠰᠡᠨ ᠳᠣᠭᠳᠣᠯᠤᠨᠠᠮ᠃ ᠬᠤᠶᠠᠷ ᠰᠠᠶᠢᠬᠠᠨ ᠮᠥᠷ ᠰᠢᠯᠦᠭ ᠤᠩᠰᠢᠵᠤ | ᠬᠤᠨᠣᠭᠤᠲᠠ ᠥᠨᠵᠢᠭᠦᠲᠡ ᠳᠣᠭᠳᠣᠯᠵᠤ ᠶᠠᠪᠤᠭᠰᠠᠨ᠂ ᠬᠦᠴᠢᠷᠳᠡᠭᠰᠡᠨ ᠦᠶ᠎ᠡ ᠳᠤ ᠬᠠᠯᠠᠭᠤᠨ ᠭᠠᠷ ᠢᠶᠠᠨ | ᠰᠤᠩᠭᠠᠭᠰᠠᠨ ᠳᠣᠲᠣᠨᠣ ᠬᠥᠮᠥᠰ ᠲᠤ ᠪᠠᠶᠠᠷᠯᠠᠨ ᠲᠠᠯᠠᠷᠬᠠᠵᠤ ᠶᠠᠪᠤᠭᠰᠠᠨ᠃ | ᠨᠠᠮ ᠵᠢᠮ᠂ ᠠᠵᠢᠨ ᠲᠦᠵᠢᠨ᠃ ᠴᠠᠰᠤᠨ ᠴᠡᠴᠡᠭ ᠪᠥᠵᠢᠨ᠎ᠡ᠃ ᠣᠨ ᠵᠢᠯ ᠤᠳ ᠴᠦ ᠴᠢᠪ ᠴᠢᠮᠡᠭᠡ | ᠦᠭᠡᠢ ᠶᠢᠨ ᠳᠤᠮᠳᠠ ᠤᠷᠤᠰᠤᠨ ᠤᠳᠤᠨ᠎ᠠ᠃ ᠴᠠᠬᠢᠯᠠᠨ ᠣᠲᠣᠭᠰᠠᠨ ᠣᠨ ᠰᠠᠷ᠎ᠠ ᠶᠢᠨ ᠪᠠᠷ᠎ᠠ ᠰᠤᠷᠠᠭ ᠢ ᠬᠠᠶᠢᠵᠤ᠂ | ᠴᠠᠰᠤᠨ ᠳᠤ ᠳᠡᠯᠭᠡᠷᠡᠭᠰᠡᠨ ᠸᠠᠩᠰᠠᠮᠪᠠᠷᠤ ᠶᠢ ᠪᠠᠭ᠋ᠠᠳᠤᠨᠠᠮ᠃ ᠨᠠᠮᠤᠷ ᠤᠨ ᠲᠤᠩᠭᠠᠯᠠᠭ ᠰᠠᠷᠠᠨ ᠤ ᠭᠡᠷᠡᠯ ᠳᠤ ᠬᠤᠨᠳᠠᠭ᠎ᠠ | ᠮᠥᠷᠭᠦᠭᠦᠯᠦᠨ ᠨᠠᠶᠢᠷᠠᠭ ᠤᠶᠠᠩᠭᠠᠯᠠᠬᠤ ᠳᠤ ᠨᠡᠯᠦᠭᠡᠷ ᠴᠠᠰᠤᠨ ᠤ ᠮᠢᠨᠳᠠᠰᠤᠨ ᠰᠢᠷᠬᠡᠭ ᠢ ᠲᠣᠭᠠᠯᠠᠨ᠂ ᠡᠷᠲᠡᠨ ᠤ | ᠮᠡᠷᠭᠡᠳ ᠤᠨ ᠰᠢᠯᠦᠭ ᠲᠤ ᠰᠣᠭᠲᠣᠭᠤᠷᠠᠨᠠᠮ᠃ | ︽ᠬᠠᠰ ᠤᠨ ᠴᠠᠭᠠᠨ ᠬᠡᠮᠬᠡᠳᠡᠭ︾ ᠢ ᠲᠡᠭᠦᠵᠦ ᠬᠠᠶᠢᠷ᠎ᠠ ᠶᠢᠨ ᠵᠠᠬᠢᠶ᠎ᠠ ᠢᠯᠡᠭᠡᠰᠦᠭᠡᠢ | ︽ᠮᠥᠩᠭᠦᠨ ᠴᠠᠭᠠᠨ ᠭᠦᠯᠮᠦᠭ︾ ᠢᠶᠠᠷ ᠭᠠᠳᠠᠷᠯᠠᠵᠤ ᠮᠥᠷᠥᠭᠡᠳᠦᠯ ᠤᠨ ᠰᠣᠨᠳᠣᠷ ᠬᠡᠯᠬᠢᠰᠦᠭᠡᠢ | ︽ᠴᠠᠭᠠᠨ ᠡᠭᠦᠯᠡ︾ ᠶᠢ ᠤᠷᠢᠵᠤ ︽ᠨᠢᠭᠡᠨ ᠳᠠᠪᠬᠤᠷ ᠠᠰᠠᠷ︾ ᠢᠶᠠᠷ ᠵᠤᠭᠠᠴᠠᠰᠤᠭᠠᠢ | ︽ᠴᠠᠭᠠᠵᠠ ᠶᠢᠨ ᠲᠠᠪᠴᠠᠩ︾ ᠢ ᠤᠩᠰᠢᠵᠤ ᠡᠷᠲᠡᠨ ᠡᠳᠦᠭᠡ ᠶᠢ ᠰᠢᠭᠦᠰᠦᠭᠡᠢ︕ | ᠮᠥᠷᠥᠭᠡᠳᠦᠯ ᠤᠨ ᠰᠣᠨᠳᠣᠷ ᠬᠡᠯᠬᠢᠵᠦ᠂ ᠮᠥᠩᠭᠦᠨ ᠴᠠᠰᠤᠨ ᠬᠠᠶᠠᠯᠠᠨ᠎ᠠ᠃ ᠴᠠᠰᠤᠨ ᠳᠠᠭᠢᠨᠢᠰ ᠦᠰᠦ | ᠭᠡᠵᠢᠭᠡ ᠶᠢ ᠡᠩᠬᠦᠷᠡᠶᠢᠬᠡᠨ ᠦᠨᠦᠰᠴᠦ᠂ ᠠᠨᠢᠰᠬᠠᠨ ᠳᠡᠭᠡᠷ᠎ᠡ ᠲᠡᠷᠪᠡᠯᠵᠡᠨᠡ᠃ ᠠᠶᠤᠤᠯᠢᠬᠠᠢ ᠶᠢᠨ ᠪᠤᠳᠤᠯ ᠢ | ᠲᠣᠭᠠᠴᠢᠵᠤ᠂ ᠠᠯᠤᠰ ᠬᠢᠵᠠᠭᠠᠷ ᠲᠤ ᠰᠤᠪᠤᠷᠠᠨ᠎ᠠ᠃ ᠠᠯᠠᠭ᠎ᠠ ᠪᠠᠨ ᠠᠶᠠᠷᠬᠠᠨ ᠳᠡᠯᠭᠡᠬᠦ ᠳᠤ ᠠᠳᠬᠤᠨ ᠳᠤ ᠮᠢᠨᠢ | ᠲᠤᠰᠤᠯ ᠮᠥᠷᠥᠭᠡᠳᠦᠯ ᠮᠡᠯᠲᠡᠭᠡᠨᠡᠨ᠎ᠡ᠃ ᠠᠯᠬᠤᠵᠤ ᠢᠷᠡᠭᠰᠡᠨ ᠤᠯᠠ ᠮᠥᠷ ᠮᠢᠨᠢ ᠴᠢᠩ ᠦᠨᠡᠨ ᠢᠶᠠᠷ ᠳᠤᠷᠠᠶᠢᠨ᠎ᠠ᠃ | ᠠᠩᠭᠢᠷ ᠪᠠᠭ᠎ᠠ ᠨᠠᠰᠤᠨ ᠳᠠᠭᠠᠨ ᠴᠠᠰᠤᠨ ᠳᠡᠭᠡᠷ᠎ᠡ ᠲᠷᠠᠺᠲ᠋ᠣᠷ ᠤᠨ ᠬᠦᠷᠳᠦᠨ ᠮᠥᠷ ᠢ ᠳᠠᠭᠤᠷᠢᠶᠠᠵᠤ᠂ ᠲᠠᠷᠯᠠᠨ ᠮᠥᠷ | ᠭᠠᠷᠭᠠᠵᠤ ᠪᠠᠶᠢᠭᠰᠠᠨ ᠮᠢᠨᠢ ᠴᠦ ᠰᠠᠶ᠋ᠢᠬᠠᠨ ᠰᠢᠭ᠋ ᠦᠭᠡᠶᠢᠯᠡᠭᠳᠡᠨ᠎ᠡ᠃ | ᠬᠡᠨ ᠨᠢᠭᠡᠨ ᠤ ᠲᠤᠬᠠᠢ ᠰᠠᠶᠢᠬᠠᠨ ᠪᠦᠭᠦᠨ ᠢ ᠨᠢ ᠯᠠ ᠴᠡᠭᠡᠵᠢᠯᠡᠵᠦ ᠶᠠᠪᠤᠭᠰᠠᠨ᠃ ᠬᠡᠨ ᠳᠤ ᠴᠦ ᠠᠮᠠᠯᠠᠵᠤ | ᠠᠨᠳᠠᠭᠠᠶᠢᠯᠠᠭᠰᠠᠨ ᠵᠦᠢᠯ ᠪᠠᠶᠢᠬᠤ ᠦᠭᠡᠢ᠂ ᠭᠤᠨᠢᠵᠤ ᠭᠤᠮᠣᠳᠠᠭᠰᠠᠨ ᠵᠦᠢᠯ ᠪᠠᠶᠢᠬᠤ ᠦᠭᠡᠢ᠂ ᠠᠯᠤᠰ ᠡᠮᠦᠨᠡᠰᠢ | ᠴᠢᠭᠯᠡᠵᠦ᠂ ᠰᠡᠳᠬᠢᠯ ᠤᠨ ᠢᠶᠠᠨ ᠲᠡᠩᠬᠡᠭᠡ ᠪᠠᠷ ᠵᠢᠳᠬᠦᠵᠦ ᠢᠷᠡᠭᠰᠡᠨ᠃ | ᠠᠮᠢᠳᠤᠷᠠᠯ ᠳᠤ ᠬᠦᠴᠢᠷᠳᠡᠨ ᠮᠤᠬᠤᠷᠳᠠᠵᠤ᠂ ᠲᠠᠭᠠᠷᠠᠵᠦ ᠪᠡᠭᠡᠷᠡᠵᠦ ᠪᠠᠶᠢᠭᠰᠠᠨ ᠦᠶ᠎ᠡ ᠳᠡᠭᠡᠨ ᠡᠪᠦᠯ ᠤᠨ | ᠭᠤᠸ᠎ᠠ ᠬᠦᠢᠲᠡᠨ ᠳᠤ ᠪᠤᠢ᠂ ᠠᠮᠢᠳᠤᠷᠠᠯ ᠤᠨ ᠰᠠᠶᠢᠬᠠᠨ ᠵᠢᠳᠬᠦᠯ ᠳᠤ ᠪᠤᠢ ᠭᠡᠵᠦ ᠥᠪᠡᠷ ᠢ ᠪᠠᠨ ᠲᠠᠶᠢᠳᠬᠤᠷᠠᠭᠤᠯᠵᠤ | ᠤᠷᠮᠠᠰᠢᠭᠤᠯᠵᠤ ᠪᠠᠶᠢᠭᠰᠠᠨ᠃ | ᠨᠢᠳᠦᠨ ᠨᠠᠭᠤᠷ ᠤᠨ ᠮᠢᠨᠢ ᠠᠩᠭᠢᠷ ᠰᠢᠪᠠᠭᠤᠳ ᠪᠤᠴᠠᠬᠤ ᠳᠤ ᠮᠥᠷᠥᠭᠡᠳᠦᠯ ᠤᠨ ᠰᠢᠪᠠᠭᠤᠬᠠᠢ ᠮᠥᠷᠥᠨ | ᠳᠡᠭᠡᠷ᠎ᠡ ᠮᠢᠨᠢ ᠳᠡᠪᠳᠡᠷᠢᠵᠦ᠂ ᠪᠢᠴᠢᠭ ᠤᠨ ᠥᠷᠥᠭᠡᠨ ᠳᠤ ᠠᠩᠬᠢᠯᠤᠮ᠎ᠠ ᠦᠨᠦᠷᠲᠦ ᠴᠠᠭ ᠮᠥᠴᠡ ᠠᠯᠢᠶᠠᠷᠬᠠᠨ | ᠲᠤᠨᠢᠷᠬᠠᠵᠤ ᠪᠠᠶᠢᠭᠰᠠᠨ᠃ | ᠬᠤᠯᠠ ᠶᠢᠨ ᠨᠢᠭᠡᠨ ᠬᠥᠮᠥᠨ ᠮᠥᠨ ᠨᠠᠳᠠ ᠰᠢᠭ᠋ ᠴᠠᠰᠤ ᠶᠢ ᠪᠠᠭ᠋ᠠᠳᠤᠨ᠂ ᠴᠠᠰᠤᠨ ᠴᠡᠴᠡᠭ ᠲᠠᠢ | ᠵᠣᠭᠤᠭᠳᠠᠨ᠂ ᠴᠠᠰᠤᠲᠤ ᠳᠡᠯᠡᠬᠡᠢ ᠳᠤ ᠬᠦᠰᠡᠯ ᠢᠶᠠᠨ ᠰᠤᠪᠤᠷᠠᠭᠤᠯᠵᠤ᠂ ᠮᠥᠷᠥᠭᠡᠳᠦᠯ ᠢᠶᠠᠨ ᠬᠡᠯᠬᠢᠵᠦ ᠤᠶᠠᠩᠭ᠎ᠠ | ᠨᠠᠶᠢᠷᠠᠭ ᠪᠢᠴᠢᠭᠯᠡᠵᠦ ᠪᠠᠶᠢᠬ᠎ᠠ᠃ | ᠬᠥᠮᠥᠨ ᠤ ᠰᠠᠶᠢᠬᠠᠨ ᠢᠲᠡᠭᠡᠯ ᠭᠡᠳᠡᠭ ᠶᠠᠭᠤ ᠪᠠᠷ ᠴᠦ ᠰᠣᠯᠢᠰᠢ ᠦᠭᠡᠢ ᠰᠡᠳᠬᠢᠯ ᠶᠤᠮ᠃ ᠨᠠᠶᠢᠵᠠ | ᠨᠥᠬᠦᠳ ᠲᠡᠭᠡᠨ ᠢᠲᠡᠭᠡᠯ ᠲᠠᠢ ᠶᠠᠪᠤᠬᠤ ᠭᠡᠳᠡᠭ ᠶᠠᠭᠤᠨ ᠠᠴᠠ ᠴᠦ ᠡᠷᠬᠢᠮ᠃ ᠪᠤᠰᠤᠳ ᠢ ᠬᠠᠭᠤᠷᠴᠤ ᠮᠡᠬᠡᠯᠡᠬᠦ | ᠦᠭᠡᠢ᠂ ᠪᠣᠷᠣᠭᠵᠢᠭᠤᠨ ᠴᠢᠩ ᠦᠨᠡᠨ ᠦᠭᠡ ᠬᠡᠯᠡᠵᠦ᠂ ᠢᠲᠡᠭᠡᠯ ᠬᠦᠨᠳᠦ ᠶᠢ ᠡᠷᠭᠢᠮᠯᠡᠳᠡᠭ ᠨᠢ ᠠᠮᠢᠳᠤᠷᠠᠯ ᠤᠨ ᠮᠢᠨᠢ | ᠵᠦᠢ᠃ | ᠬᠦᠰᠡᠯ ᠤᠨ ᠤᠶᠠᠩᠭ᠎ᠠ ᠡᠭᠡᠰᠢᠭᠯᠡᠵᠦ᠂ ᠮᠥᠩᠭᠦᠨ ᠴᠠᠰᠤᠨ ᠬᠠᠶᠠᠯᠠᠨ᠎ᠠ᠃ ᠬᠦᠰᠡᠬᠦ ᠳᠤ ᠠᠳᠠᠯᠢ ᠰᠠᠶᠢᠬᠠᠨ | ᠶᠠᠭᠤᠮ᠎ᠠ ᠪᠠᠶᠢᠬᠤ ᠦᠭᠡᠢ᠂ ᠬᠦᠯᠢᠶᠡᠬᠦ ᠳᠤ ᠠᠳᠠᠯᠢ ᠤᠳᠠᠭᠠᠨ ᠵᠦᠢᠯ ᠪᠠᠶᠢᠬᠤ ᠦᠭᠡᠢ᠃ ᠮᠥᠷᠥᠭᠡᠳᠦᠯ ᠬᠦᠰᠡᠯ | ᠭᠡᠳᠡᠭ ᠬᠡᠵᠢᠶᠡᠳᠡ ᠬᠠᠭᠤᠴᠢᠷᠠᠳᠠᠭ ᠦᠭᠡᠢ ᠮᠥᠩᠬᠡ ᠶᠢᠨ ᠠᠶᠠᠯᠭᠤᠨ᠃ ᠶᠠᠭ ᠯᠠ ᠰᠢᠨᠡᠬᠡᠨ ᠴᠠᠰᠤ ᠰᠢᠭ᠋ ᠴᠡᠪᠡᠷ | ᠠᠷᠢᠭᠤᠨ᠂ ᠰᠢᠨ᠎ᠡ ᠪᠡᠷᠢ ᠶᠢᠨ ᠴᠢᠷᠠᠢ ᠰᠢᠭ᠋ ᠭᠡᠷᠡᠯ ᠳᠤᠸᠠᠯᠠᠮ᠎ᠠ᠃ ᠠᠮᠢᠳᠤᠷᠠᠯ ᠳᠤ ᠮᠥᠷᠥᠭᠡᠳᠦᠯ ᠲᠠᠢ ᠶᠠᠪᠤᠬᠤ | ᠰᠠᠶᠢᠬᠠᠨ᠂ ᠬᠦᠰᠡᠯ ᠮᠥᠷᠥᠭᠡᠳᠦᠯ ᠤᠨ ᠢᠶᠠᠨ ᠲᠥᠯᠥᠭᠡ ᠬᠦᠴᠦᠯᠡᠨ ᠵᠢᠳᠬᠦᠬᠦ ᠨᠢ ᠨᠡᠩ ᠰᠠᠶᠢᠬᠠᠨ᠃ ᠠᠮᠢᠳᠤᠷᠠᠯ ᠤᠨ | ᠰᠠᠶᠢᠬᠠᠨ ᠬᠦᠰᠡᠯ ᠮᠥᠷᠥᠭᠡᠳᠦᠯ ᠮᠥᠩᠬᠡ ᠨᠣᠭᠤᠭᠠᠨ ᠨᠠᠷᠠᠰᠤ ᠰᠢᠭ᠋ ᠰᠡᠳᠬᠢᠯ ᠤᠨ ᠬᠤᠶᠢᠮᠤᠷ ᠲᠤ ᠬᠥᠬᠡᠷᠡᠵᠦ | ᠪᠠᠶᠢᠳᠠᠭ ᠠᠴᠠ᠂ ᠮᠥᠷᠡᠨ ᠭᠤᠣᠯ ᠤᠨ ᠴᠢᠳᠬᠤᠯᠠᠩ ᠰᠢᠭ᠋ ᠵᠣᠭᠰᠣᠰᠢ ᠦᠭᠡᠢ ᠬᠦᠷᠬᠢᠷᠡᠨ ᠳᠠᠪᠠᠯᠭᠠᠯᠠᠵᠤ | ᠪᠠᠶᠢᠳᠠᠭ ᠠᠴᠠ ᠠᠮᠢᠳᠤᠷᠠᠯ ᠮᠢᠨᠢ ᠤᠶᠠᠩᠭ᠎ᠠ ᠳᠠᠭᠤᠤ ᠲᠠᠢ ᠢᠷᠠᠭᠤᠬᠠᠨ᠂ ᠠᠶᠢᠵᠠᠮ ᠭᠡᠮᠨᠡᠯ ᠲᠠᠢ ᠰᠢᠯᠤᠭᠤᠬᠠᠨ᠃ | ᠠᠶᠠᠯᠭᠤ ᠪᠦᠷᠢᠨ ᠠᠮᠢᠳᠤᠷᠠᠯ ᠯᠠ ᠲᠡᠭᠦᠰ ᠲᠡᠭᠦᠯᠳᠡᠷ ᠪᠠᠶᠢᠳᠠᠭ᠂ ᠤᠯᠠᠷᠢᠯ ᠪᠦᠷᠢ ᠴᠡᠴᠡᠭᠯᠡᠳᠡᠭ ᠰᠡᠳᠬᠢᠯ | ᠯᠠ ᠪᠠᠶᠠᠷ ᠪᠠᠶᠠᠰᠬᠤᠯᠠᠩ ᠲᠠᠢ ᠪᠠᠶᠢᠳᠠᠭ᠃ ᠪᠤᠰᠤᠳ ᠠᠴᠠ ᠭᠠᠷ ᠰᠠᠷᠪᠠᠶᠢᠵᠦ᠂ ᠬᠤᠪᠠᠯᠵᠠ ᠰᠢᠭ᠋ ᠠᠮᠢᠳᠤᠷᠠᠳᠠᠭ | ᠪᠢᠰᠢ᠂ ᠥᠭᠭᠢᠶᠡᠮᠦᠷᠴᠢ ᠨᠢᠩᠵᠢᠨ ᠰᠡᠳᠬᠢᠯ ᠢᠶᠠᠷ ᠥᠪᠡᠷ ᠪᠤᠰᠤᠳ ᠲᠤ ᠬᠠᠨᠳᠤᠵᠤ᠂ ᠬᠠᠨᠠᠭᠠᠷ ᠲᠠᠯ᠎ᠠ ᠰᠢᠭ᠋ | ᠠᠭᠤᠳᠠᠮ ᠰᠡᠳᠬᠢᠯ ᠲᠠᠢ᠂ ᠬᠠᠭᠠᠨ ᠨᠠᠷᠠᠨ ᠰᠢᠭ᠋ ᠬᠠᠯᠠᠭᠤᠨ ᠳᠤᠯᠠᠭᠠᠨ ᠪᠤᠳᠤᠯ ᠲᠠᠢ ᠪᠠᠶᠢᠮᠠᠨᠵᠢᠨ ᠠᠮᠢᠳᠤᠷᠠᠯ | ᠢᠷᠡᠭᠡᠳᠦᠢ ᠵᠥᠪ ᠡᠨᠧᠷᠭᠢ ᠪᠠᠷ ᠳᠦᠭᠦᠷᠴᠦ᠂ ᠲᠦᠷᠪᠡᠨ ᠤᠯᠠᠷᠢᠯ ᠤᠨ ᠡᠭᠡᠯᠵᠢᠯᠡᠯ ᠢᠶᠠᠷ ᠵᠥᠩᠳᠡᠭᠡᠨ ᠪᠠᠶᠠᠰᠤᠯ | ᠮᠦᠰᠢᠶᠡᠳᠦ ᠲᠠᠢ ᠦᠷᠭᠦᠯᠵᠢᠯᠡᠳᠡᠭ᠃ ᠡᠩᠭᠡᠷ ᠳᠡᠭᠡᠷ᠎ᠡ ᠴᠢᠨᠢ ᠡᠷᠬᠡᠯᠡᠬᠦ ᠡᠷᠪᠡᠬᠡᠢ ᠰᠢᠭ ᠴᠠᠰᠤᠨ ᠢ ᠥᠭᠭᠢᠶᠡᠮᠦᠷ | ᠪᠤᠳᠤᠯ ᠳᠠᠭᠠᠨ ᠳᠡᠷᠪᠡᠯᠵᠡᠭᠦᠯᠦᠭᠡᠴᠢ᠂ ᠡᠪᠦᠯ ᠤᠨ ᠬᠦᠢᠲᠡᠨ ᠳᠤ ᠳᠤᠯᠠᠭᠠᠴᠠᠬᠤ ᠪᠠᠷ ᠢᠷᠡᠭᠰᠡᠨ ᠡᠩᠬᠦᠷᠡᠶᠢᠬᠡᠨ | ᠰᠢᠪᠠᠭᠤᠳ ᠢ ᠥᠷᠥ ᠵᠢᠷᠦᠬᠡᠨ ᠳᠡᠭᠡᠨ ᠪᠦᠯᠢᠶᠡᠬᠡᠨ ᠡᠪᠦᠯᠵᠢᠭᠦᠯᠦᠭᠡᠴᠢ᠂ ᠡᠬᠡ ᠪᠠᠶᠢᠭᠠᠯᠢ ᠠᠴᠠ ᠰᠣᠶᠣᠷᠬᠠᠭᠰᠠᠨ | ᠠᠶᠠᠯᠭᠤ ᠢᠷᠠᠭᠤᠬᠠᠨ ᠬᠥᠭᠵᠢᠮ ᠢ ᠠᠷᠪᠠᠨ ᠴᠠᠭᠠᠨ ᠬᠤᠷᠤᠭᠤ ᠪᠠᠷ ᠢᠶᠠᠨ ᠠᠶᠠᠷᠬᠠᠨ ᠬᠥᠭᠵᠢᠮᠳᠡᠭᠡᠴᠢ︕ | ᠴᠠᠰᠤ ᠪᠥᠵᠢᠨ᠎ᠡ᠂ ᠴᠠᠭᠯᠠᠰᠢ ᠦᠭᠡᠢ ᠬᠠᠶᠢᠷ᠎ᠠ ᠶᠢᠨ ᠨᠣᠲ ᠳᠡᠪᠳᠡᠷᠢᠨ᠎ᠡ ᠁ ᠭᠦᠪ ᠬᠥᠩᠭᠡᠬᠡᠨ | ᠪᠠᠶᠢᠲᠠᠯ᠎ᠠ ᠪᠠᠨ ᠬᠦᠰᠡᠯ ᠰᠡᠳᠬᠢᠯ ᠢ ᠠᠴᠢᠶᠠᠯᠠᠨ ᠬᠥᠬᠡᠮᠳᠦᠭ ᠣᠭᠲᠠᠷᠭᠤᠢ ᠵᠦᠭ ᠰᠤᠮᠤᠳᠠᠨ᠎ᠠ᠂ ᠬᠦᠷᠬᠦ ᠢᠷᠡᠭᠡᠳᠦᠢ | ᠵᠦᠭ ᠤᠷᠤᠭᠰᠢᠯᠠᠨ᠎ᠠ᠃ ᠴᠠᠰᠤ ᠪᠥᠵᠢᠨ᠎ᠡ᠂ ᠴᠡᠪᠡᠷ ᠠᠷᠢᠭᠤᠨ ᠳᠡᠯᠡᠬᠡᠢ ᠮᠦᠰᠢᠶᠡᠨ᠎ᠡ ᠁ ᠴᠢᠩᠭᠢᠷ ᠵᠢᠩᠭᠢᠷ | ᠬᠡᠯᠲᠡᠰ ᠨᠢᠰᠦᠯᠴᠡᠵᠦ᠂ ᠴᠢᠩ ᠬᠠᠶᠢᠷ᠎ᠠ ᠶᠢᠨ ᠬᠦᠰᠡᠯ ᠤᠨ ᠦᠷ᠎ᠡ ᠶᠢ ᠰᠠᠴᠤᠨ᠎ᠠ᠃ | ᠵᠣᠬᠢᠶᠠᠭᠴᠢ᠄ ᠴᠢ᠊ · ᠳᠣᠯᠭᠢᠶᠠᠨ |