ᠡᠨᠡ ᠣᠷᠣᠢ 8᠄ 30 ᠳᠤ ᠡᠬᠢᠯᠡᠨ᠎ᠡ︕ ᠬᠥᠨᠳᠡᠯᠡᠨ ᠲᠣᠭᠤᠷᠢᠭ ᠤᠨ ᠳᠠᠭᠤᠤ ᠬᠥᠭᠵᠢᠮ ᠤᠨ ᠤᠷᠬᠢᠯᠤᠮᠠᠯ ᠪᠤᠯᠠᠭ ᠤᠨ ᠲᠣᠭᠯᠠᠯᠲᠠ︕
ᠨᠡᠶᠢᠲᠡᠯᠡᠭᠰᠡᠨ ᠴᠠᠭ᠄
2024/6/9
     ᠣᠷᠭᠢᠯᠤᠮᠠᠯ ᠪᠤᠯᠠᠭ ᠤᠨ ᠲᠣᠭᠯᠠᠯᠲᠠ ᠶᠢᠨ ᠠᠭᠤᠯᠭ᠎ᠠ       ᠡᠷᠬᠢᠮ ᠤᠯᠠᠨ ᠵᠢᠭᠤᠯᠴᠢᠯᠠᠬᠰᠠᠳ ᠡ᠂ ᠬᠦᠨᠳᠡᠯᠡᠨ ᠭᠤᠤᠯ ᠤᠨ ᠤᠰᠤᠨ ᠦᠶᠯᠡᠴᠢᠯᠡᠭᠡᠨ ᠤ ᠲᠥᠪ ᠴᠥᠬᠦᠷᠡᠰᠢ ᠥᠬᠡᠶ ᠪᠠᠷᠢᠮᠲᠠᠯᠠᠯ ᠪᠣᠯᠤᠨ ᠴᠢᠷᠮᠠᠶᠢᠯᠭ᠎ᠠ ᠪᠠᠷ ᠳᠡᠮᠵᠢᠨ᠂ ᠨᠢᠭᠡ ᠰᠠᠷ᠎ᠠ ᠶᠢᠨ ᠪᠡᠯᠡᠳᠬᠡᠯ ᠢ    ᠦᠩᠭᠡᠷᠡᠭᠡᠭᠡᠳ᠂ ᠥᠷᠭᠡᠨ ᠣᠯᠠᠨ ᠵᠢᠭᠤᠯᠴᠢᠯᠠᠬᠰᠠᠳ ᠤᠨ ᠬᠦᠰᠡᠯ ᠡᠷᠡᠮᠡᠯᠵᠡᠯ ᠢᠶᠠᠷ᠂ ᠬᠦᠨᠳᠡᠯᠡᠨ ᠭᠤᠤᠯ ᠤᠨ ᠤᠰᠤᠨ ᠦᠶᠯᠡᠴᠢᠯᠡᠭᠡᠨ ᠤ ᠲᠥᠪ ᠤᠳᠠᠯ ᠥᠬᠡᠶ ᠬᠤᠶᠢᠲᠤ ᠲᠠᠯ᠎ᠠ ᠶᠢᠨ ᠠᠭᠤᠳᠠᠮ ᠲᠠᠯᠠᠪᠠᠶ ᠶᠢᠨ ᠳᠠᠭᠤᠤ ᠬᠥᠭᠵᠢᠮ ᠤᠨ ᠣᠷᠭᠢᠯᠤᠮᠠᠯ ᠪᠤᠯᠠᠭ ᠤᠨ ᠲᠣᠭᠯᠠᠯᠲᠠ ᠪᠠᠨ ᠡᠬᠢᠯᠡᠭᠦᠯᠬᠦ ᠪᠣᠯᠤᠯ᠎ᠠ᠂ ᠪᠢᠳᠡ ᠲᠠᠨ ᠤ ᠬᠦᠷᠴᠦ ᠢᠷᠡᠬᠦ ᠶᠢ ᠴᠢᠩ ᠰᠡᠳᠬᠢᠯ ᠠᠴᠠ ᠪᠠᠨ ᠤᠬᠳᠤᠵᠤ ᠪᠠᠶᠢᠨ᠎ᠠ᠃     ᠪᠣᠳᠠᠲᠤ ᠦᠵᠡᠭᠳᠡᠯ ᠤᠨ ᠦᠵᠡᠭᠦᠯᠭᠡ᠄ ᠤᠰᠤ ᠪᠠ ᠭᠡᠷᠡᠯ ᠤᠨ ᠤᠶᠠᠯᠳᠤᠯ᠂ ᠳᠠᠭᠤᠤ ᠪᠠ ᠪᠥᠵᠢᠭ ᠤᠨ ᠢᠯᠡᠷᠡᠭᠦᠯᠦᠯ᠂ ᠬᠠᠷᠠᠭ᠎ᠠ ᠰᠤᠨᠤᠷ ᠢ ᠴᠢᠨᠢ ᠪᠠᠶᠠᠰᠬᠠᠬᠤ ᠦᠪᠡᠳᠡᠭᠰᠢ ᠨᠠᠶᠢᠷ
   ᠭᠢᠯᠠᠰ ᠴᠡᠭ᠄ ᠳᠠᠭᠤᠤ ᠬᠥᠭᠵᠢᠮ ᠢ ᠨᠠᠷᠢᠨ ᠨᠢᠮᠪᠠᠶ ᠨᠠᠶᠢᠷᠠᠭᠤᠯᠤᠨ ᠵᠢᠭᠰᠠᠭᠠᠵᠤ᠂ ᠡᠷᠲᠡᠨ ᠤ ᠰᠣᠩᠭᠤᠳᠠᠭ ᠠᠴᠠ ᠣᠳᠣ ᠦᠶ᠎ᠡ ᠶᠢᠨ ᠤᠷᠠᠯᠢᠭ ᠬᠦᠷᠳᠡᠯ᠎ᠡ ᠪᠦᠬᠦᠨ ᠢ ᠬᠠᠮᠤᠷᠴᠤ᠂ ᠡᠯ᠎ᠡ ᠨᠠᠰᠤᠨ ᠤ ᠵᠢᠭᠤᠯᠴᠢᠯᠠᠭᠴᠢᠳ ᠤᠨ ᠳᠤᠷ᠎ᠠ ᠰᠣᠨᠢᠷᠬᠠᠯ ᠢ ᠬᠠᠩᠭᠠᠨ᠎ᠠ᠃ ᠳ᠋ᠧᠩ ᠤᠨ ᠭᠡᠷᠡᠯ ᠪᠣᠯᠤᠨ ᠤᠰᠤᠨ ᠪᠠᠭᠠᠨ᠎ᠠ ᠶᠢᠨ ᠲᠡᠭᠦᠰ ᠤᠶᠠᠯᠳᠤᠯ ᠢ ᠦᠵᠡᠬᠦᠯᠵᠦ᠂ ᠵᠡᠭᠦᠳᠦ ᠵᠡᠷᠭᠡᠯᠭᠡᠨ ᠰᠢᠭ ᠭᠠᠶᠢᠬᠠᠮᠰᠢᠬᠳᠦ ᠦᠵᠡᠮᠵᠢ ᠶᠢ ᠢᠯᠡᠷᠡᠬᠦᠯᠦᠨ᠎ᠡ᠃ ᠣᠷᠭᠢᠯᠤᠮᠠᠯ ᠪᠤᠯᠠᠭ ᠤᠨ ᠥᠨᠳᠥᠷ ᠨᠢ 20 ᠮᠧᠲᠷ ᠲᠤ ᠬᠦᠷᠴᠦ᠂ ᠬᠦᠮᠦᠨ ᠢ ᠰᠤᠬᠳᠤᠷᠠᠭᠤᠯᠤᠮ᠎ᠠ ᠰᠦᠷᠯᠢᠭ ᠰᠠᠶᠢᠬᠠᠨ ᠦᠵᠡᠮᠵᠢ ᠶᠢ ᠲᠡᠯᠬᠡᠨ ᠦᠵᠡᠬᠦᠯᠬᠦ ᠪᠤᠯᠤᠨ᠎ᠠ᠃
     ᠣᠷᠭᠢᠯᠤᠮᠠᠯ ᠪᠤᠯᠠᠭ ᠤᠨ ᠲᠣᠭᠯᠠᠯᠲᠠ ᠶᠢᠨ ᠴᠠᠭ      ᠨᠡᠭᠡᠭᠡᠯᠲᠡ ᠶᠢᠨ ᠴᠠᠭ᠄       6 ᠰᠠᠷ᠎ᠠ ᠶᠢᠨ 7 ᠤ ᠡᠳᠦᠷ ᠠᠴᠠ ᠰᠡᠭᠦᠯᠡᠷ᠂ ᠭᠠᠷᠠᠭ ᠪᠦᠷᠢ ᠶᠢᠨ ᠭᠠᠷᠠᠭ ᠤᠨ ᠵᠢᠷᠭᠤᠭᠠᠨ᠂ ᠭᠠᠷᠠᠭ ᠤᠨ ᠡᠳᠦᠷ ︵ᠪᠠᠶᠠᠷ ᠳᠤᠷᠠᠰᠬᠠᠯ ᠤᠨ ᠡᠳᠦᠷ︶ 20᠄ 30 — 21᠄ 00 ︵25 ᠮᠢᠨᠦ᠋ᠲ ᠣᠷᠴᠢᠮ︶       ᠣᠨᠴᠠᠭᠠᠢ ᠴᠠᠭ ᠠᠭᠤᠷ ᠵᠢᠴᠢ ᠪᠤᠰᠤᠳ ᠰᠢᠯᠲᠠᠭᠠᠨ ᠲᠠᠢ ᠪᠤᠯ ᠴᠠᠭ ᠢ ᠠᠰᠲᠠᠭᠠᠨ ᠲᠣᠬᠢᠷᠠᠭᠤᠯᠤᠨ᠎ᠠ᠂ ᠠᠭᠤᠴᠢᠯᠠᠭᠠᠷᠠᠶ︕ ︵ᠸᠢᠴᠠᠲ ᠨᠡᠶᠢᠲᠡ ᠶᠢᠨ ᠲᠠᠪᠴᠠᠩ᠄ ᠬᠥᠨᠳᠡᠯᠡᠨ ᠲᠣᠭᠤᠷᠢᠭ ᠤᠨ ᠰᠣᠶᠣᠯ ᠪᠠᠶ᠎ᠠ ᠶᠢᠨ ᠲᠠᠮᠢᠷ ᠷᠠᠳᠢᠣ᠋ ᠲᠧᠯᠸᠢᠰ ᠵᠢᠭᠤᠯᠴᠢᠯᠠᠯ ᠤᠨ ᠸᠢᠴᠠᠲ ᠶᠢᠷᠲᠢᠨᠴᠦ ᠶᠢ ᠨᠡᠮᠡᠵᠤ ᠠᠪᠴᠤ ᠬᠠᠮᠢᠶ᠎ᠠ ᠪᠦᠬᠦᠢ ᠪᠠᠶᠢᠳᠠᠯ ᠢ ᠤᠶᠢᠯᠠᠭᠠᠵᠤ ᠪᠤᠯᠤᠨ᠎ᠠ︶    ᠨᠡᠭᠡᠭᠡᠯᠲᠡ ᠶᠢᠨ ᠭᠠᠵᠠᠷ᠄ ᠬᠦᠨᠳᠡᠯᠡᠨ ᠭᠤᠤᠯ ᠤᠨ ᠤᠰᠤᠨ ᠴᠡᠴᠡᠷᠯᠢᠭ ᠤᠨ ᠬᠤᠶᠢᠲᠤ ᠲᠠᠯ᠎ᠠ ᠶᠢᠨ ᠠᠭᠤᠳᠠᠮ ᠲᠠᠯᠠᠪᠠᠶ ︵ᠮᠤᠨᠠ ᠬᠠᠨ ᠵᠠᠮ ᠤᠨ ᠠᠭᠤᠯᠵᠠᠷ ᠭᠡᠰᠡᠭ ᠠᠴᠠ ᠤᠮᠠᠷᠠᠰᠢ 500 ᠮᠧᠲᠷ︶  
     ᠠᠩᠬᠠᠷᠬᠤ ᠵᠦᠢᠯ      ᠣᠷᠭᠢᠯᠤᠮᠠᠯ ᠪᠤᠯᠠᠭ ᠤᠨ ᠲᠣᠭᠯᠠᠯᠲᠠ ᠦᠵᠡᠵᠦ ᠪᠠᠶᠢᠭ᠎ᠠ ᠵᠢᠭᠤᠯᠴᠢᠯᠠᠬᠰᠠᠳ ᠠᠮᠤᠷ ᠲᠦᠪᠰᠢᠨ ᠵᠠᠶ ᠶᠢ ᠪᠠᠲᠤᠯᠠᠵᠤ᠂ ᠬᠦᠷᠢᠶᠡᠯᠡᠩ ᠤᠨ ᠲᠣᠭᠲᠠᠭᠠᠯ ᠢ ᠵᠢᠷᠤᠮᠯᠠᠬᠤ ᠬᠡᠷᠡᠭᠳᠡᠢ᠃ ᠣᠷᠭᠢᠯᠤᠮᠠᠯ ᠪᠤᠯᠠᠭ ᠤᠨ ᠲᠣᠭᠯᠠᠯᠲᠠ ᠶᠢᠨ ᠣᠷᠣᠨ ᠳᠤ ᠣᠷᠣᠵᠤ ᠪᠣᠯᠬᠤ ᠦᠭᠡᠢ᠂ ᠥᠷᠭᠡᠨ ᠣᠯᠠᠨ ᠵᠢᠭᠤᠯᠴᠢᠯᠠᠬᠰᠠᠳ ᠢᠳᠡᠪᠬᠢᠲᠡᠶ ᠬᠠᠮᠵᠢᠯᠴᠠᠭᠠᠷᠠᠶ᠃ ᠣᠷᠭᠢᠯᠤᠮᠠᠯ ᠪᠤᠯᠠᠭ ᠤᠨ ᠲᠣᠭᠯᠠᠯᠲᠠ ᠶᠢᠨ ᠬᠤᠭᠤᠴᠠᠭᠠᠨ ᠳᠤ᠂ ᠵᠢᠭᠤᠯᠴᠢᠯᠠᠬᠰᠠᠳ ᠥᠪᠡᠷ ᠤᠨ ᠡᠳ᠋ ᠪᠤᠳᠠᠰ ᠢᠶᠠᠨ ᠰᠠᠶᠢᠳᠤᠷ ᠬᠠᠮᠠᠭᠠᠯᠠᠵᠤ᠂ ᠭᠡᠭᠡᠬᠦ ᠠᠴᠠ ᠬᠢᠴᠢᠶᠡᠬᠡᠷᠡᠢ᠃
    ᠪᠢᠳᠡ ᠬᠦᠨᠳᠡᠯᠡᠨ ᠭᠤᠤᠯ ᠤᠨ ᠤᠰᠤᠨ ᠣᠷᠭᠢᠯᠤᠮᠠᠯ ᠪᠤᠯᠠᠭ ᠤᠨ ᠬᠠᠵᠠᠭᠤ ᠳᠤ᠂ ᠡᠨᠡ ᠵᠤᠨ ᠢ ᠷᠣᠮᠠᠨᠲ᠋ᠢᠭ ᠪᠦᠬᠡᠳ ᠰᠡᠷᠢᠭᠦᠨ ᠲᠠᠭᠠᠯᠠᠮᠵᠢᠳᠠᠢ ᠦᠩᠭᠡᠷᠡᠬᠡᠶ᠎ᠡ᠃ ᠲᠠᠨ ᠤ ᠬᠦᠷᠴᠦ ᠢᠷᠡᠬᠦ ᠶᠢ ᠬᠦᠰᠡᠨ ᠬᠦᠯᠢᠶᠡᠵᠤ ᠪᠠᠶᠢᠨ᠎ᠠ᠂ ᠪᠢᠳᠡᠨ ᠲᠠᠢ ᠬᠠᠮᠲᠤ ᠬᠦᠨᠳᠡᠯᠡᠨ ᠭᠤᠤᠯ ᠤᠨ ᠤᠰᠤᠨ ᠤ ᠭᠤᠶᠢᠲᠠ ᠰᠠᠶᠢᠬᠠᠨ ᠴᠠᠭ ᠮᠥᠴᠡ ᠶᠢ ᠦᠩᠬᠡᠷᠡᠬᠡᠰᠦᠬᠡᠢ᠃
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号