ᠬᠥᠨᠳᠡᠯᠡᠨ ᠲᠣᠭᠤᠷᠢᠭ ᠤᠨ ᠲᠣᠰ ᠭᠠᠵᠠᠷ ᠤᠨ ᠤᠨᠴᠠᠯᠢᠬᠲᠦ ᠠᠮᠲᠠᠲᠤ ᠢᠳᠡᠭᠡᠨ ᠤ ᠰᠣᠶᠣᠯ ᠢ ᠳᠡᠯᠭᠡᠷᠡᠭᠦᠯᠵᠦ᠂ | ᠬᠤᠲᠠ ᠶᠢᠨ ᠠᠷᠠᠳ ᠤᠨ ᠠᠮᠲᠠᠲᠤ ᠢᠳᠡᠭᠡᠨ ᠤ ᠲᠤᠬᠠᠢ ᠬᠡᠷᠡᠭᠴᠡᠭᠡ ᠪᠠ ᠬᠥᠭᠡᠭᠡᠴᠡᠯᠳᠦᠯ ᠢ ᠬᠠᠩᠭᠠᠵᠤ᠂ ᠮᠠᠨ ᠤ | ᠲᠤᠭᠤᠷᠢᠭ ᠤ ᠢᠳᠡᠭᠡᠨ ᠤᠮᠳᠠᠭᠠᠨ ᠤ ᠦᠶᠯᠡᠰ ᠤᠨ ᠨᠡᠷ᠎ᠡ ᠠᠯᠳᠠᠷ ᠪᠠ ᠥᠷᠢᠰᠥᠯᠳᠦᠬᠦ ᠬᠦᠴᠦᠨ ᠢ | ᠳᠡᠭᠡᠭᠰᠢᠯᠡᠭᠦᠯᠬᠦ ᠶᠢᠨ ᠲᠥᠯᠥᠭᠡ᠂ ᠪᠢᠳᠠ ᠠᠮᠳᠠᠲᠤ ᠢᠳᠡᠬᠡᠨ ᠠᠮᠳᠠᠯᠠᠬᠤ ᠶᠢ ᠬᠦᠰᠡᠭᠰᠡᠨ ᠵᠢᠭᠤᠯᠴᠢᠯᠠᠬᠴᠢᠳ ᠲᠤ | ᠬᠥᠨᠳᠡᠯᠡᠨ ᠲᠣᠭᠤᠷᠢᠭ ᠤᠨ ᠲᠣᠰ ᠭᠠᠵᠠᠷ ᠤᠨ ᠲᠠᠨ ᠤ ᠬᠠᠮᠤᠭ ᠤᠨ ᠳᠤᠷᠠᠲᠠᠶ ᠠᠮᠲᠠᠲᠤ ᠢᠳᠡᠭᠡᠨ ᠢ | ᠠᠮᠲᠠᠯᠠᠭᠤᠯᠬᠤ ᠶᠢᠨ ᠬᠠᠮᠲᠤ ᠲᠠ ᠨᠡᠷ ᠤᠨ ᠬᠠᠮᠤᠭ ᠤᠨ ᠲᠤᠷᠠᠳᠠᠢ ᠢᠳᠡᠬᠡᠨ ᠢᠶᠠᠨ ᠰᠢᠯᠭᠠᠷᠠᠭᠤᠯᠵᠤ ᠭᠠᠷᠭᠠᠬᠤ ᠶᠢ | ᠬᠦᠰᠡᠨ ᠤᠷᠢᠵᠤ ᠪᠠᠶᠢᠨ᠎ᠠ᠃ | | | 1. ᠪᠤᠯᠤᠳ ᠤᠨ ᠬᠤᠳᠠ ᠶᠢᠨ ᠭᠤᠷᠢᠯ ᠢᠳᠡᠬᠡᠨ | | | ᠬᠡᠦᠬᠡᠳ ᠨᠠᠰᠤᠨ ᠤ ᠨᠠᠨᠳᠢᠨ ᠲᠤᠷᠠᠰᠤᠮᠵᠢ ᠤᠯᠠᠮᠵᠢᠯᠠᠯᠲᠤ ᠳᠤᠮᠳᠠᠳᠤ ᠮᠠᠶ᠋ᠢᠭ ᠤᠨ ᠪᠣᠭᠤᠷᠰᠤᠭ᠃ | ᠲᠠᠨᠢᠯᠴᠠᠭᠤᠯᠬᠤ ᠠᠵᠤ ᠠᠬᠤᠶᠢᠯᠠᠯ | ᠪᠣᠯᠣᠳ ᠤᠨ ᠬᠤᠲᠠ ᠶᠢᠨ ᠭᠤᠷᠢᠯ ᠢᠳᠡᠬᠡᠨ᠄ ᠬᠥᠨᠳᠡᠯᠡᠨ ᠲᠣᠭᠤᠷᠢᠭ ᠤᠨ ᠪᠣᠯᠣᠳ ᠲᠡᠮᠦᠷ ᠵᠡᠭᠡᠯᠢ ᠶᠢᠨ | 90 ᠳ᠋ᠦ᠋ᠭᠡᠷ ᠨᠣᠮᠧᠷᠲᠦ ︵ᠳ᠋ᠠ ᠯᠢ ᠶᠠ ᠬᠤᠳᠠᠯᠳᠤᠭᠠᠨ ᠤ ᠬᠤᠲᠠ ᠶᠢᠨ ᠡᠰᠡᠷᠬᠦ ᠲᠠᠯ᠎ᠠ︶ | 2. ᠱᠣᠣᠮᠠᠶ | | | ᠬᠠᠯᠢᠰᠦ ᠨᠢ ᠴᠠᠭᠠᠰᠤ ᠮᠡᠲᠦ ᠨᠢᠮᠭᠡᠨ᠂ ᠴᠡᠴᠡᠭ ᠰᠢᠭ ᠬᠡᠯᠪᠡᠷᠢ ᠲᠠᠢ ᠤᠷᠠᠯᠠᠵᠤ ᠪᠠᠷᠢᠳᠠᠭ᠂ ᠠᠮᠠᠨ ᠳᠤ | ᠤᠷᠤᠮᠠᠬᠴᠠ ᠠᠮᠳᠠᠳᠤ ᠮᠢᠬ᠎ᠠ ᠵᠢᠴᠢ ᠰᠣᠩᠭᠢᠨ᠎ᠠ ᠶᠢᠨ ᠰᠠᠶᠢᠬᠠᠨ ᠦᠨᠦᠷ ᠨᠢ ᠱᠤᠤᠮᠠᠢ ᠶᠢᠨ ᠪᠤᠰᠤᠳ ᠢᠳᠡᠬᠡᠨ ᠲᠠᠢ | ᠠᠳᠠᠯᠢ ᠪᠤᠰᠤ ᠶᠢᠨ ᠡᠴᠢᠨ᠎ᠡ ᠤᠨᠴᠠᠭᠠᠢ ᠠᠮᠳᠠ ᠠᠮᠳᠠᠯᠠᠬᠳᠠᠨᠠ᠃᠂ ᠬᠤᠶᠠᠷ ᠯᠠᠩ ᠱᠣᠣᠮᠠᠢ ᠠᠪᠴᠣ᠂ ᠲᠡᠭᠡᠷ᠎ᠡ ᠨᠢ | ᠨᠢᠭᠡ ᠳᠡᠪᠦᠷ᠎ᠡ ᠬᠡᠪ ᠤᠨ ᠴᠠᠢ ᠲᠠᠢ ᠪᠤᠯ ᠪᠤᠭᠤᠳᠤ ᠬᠤᠳᠠ ᠶᠢᠨ ᠬᠠᠮᠤᠭ ᠤᠨ ᠭᠤᠶᠤ ᠥᠷᠯᠥᠭᠡ ᠶᠢᠨ ᠬᠤᠭᠤᠯᠠ | ᠬᠡᠵᠦ ᠮᠠᠳᠠ᠃ | ᠲᠠᠨᠢᠯᠴᠠᠭᠤᠯᠬᠤ ᠠᠵᠤ ᠠᠬᠤᠶᠢᠯᠠᠯ | ᠮᠠ ᠵᠢᠶᠠ ᠱᠣᠣᠮᠠᠶ᠄ ᠬᠥᠨᠳᠡᠯᠡᠨ ᠲᠣᠭᠤᠷᠢᠭ ᠤᠨ ᠪᠤᠯᠤᠳ ᠲᠡᠮᠦᠷ ᠵᠡᠭᠡᠯᠢ ᠶᠢᠨ 90 ᠳ᠋ᠤᠭᠡᠷ ᠨᠣᠮᠧᠷᠲᠦ ︵ᠳ᠋ᠠ | ᠯᠢ ᠶᠠ ᠬᠤᠳᠠᠯᠳᠤᠭᠠᠨ ᠤ ᠬᠤᠲᠠ ᠶᠢᠨ ᠵᠢᠰᠢᠭᠦᠦ ᠡᠰᠡᠷᠭᠦ ᠲᠠᠯ᠎ᠠ︶ | 3. ᠶᠤᠤᠮᠠᠶ ᠶᠢᠨ ᠭᠤᠯᠢᠷ | | | ᠰᠡᠷᠢᠬᠦᠨ ᠬᠤᠭᠤᠯᠠ ᠪᠠᠷ ᠲᠤᠬᠢᠷᠠᠭᠤᠯᠤᠬᠰᠠᠨ ᠶᠤᠤᠮᠠᠢ ᠶᠢᠨ ᠭᠤᠯᠢᠷ ᠢᠳᠡᠵᠤ ᠬᠤᠶᠠᠷ ᠯᠠᠩ ᠬᠠᠷ᠎ᠠ ᠠᠷᠢᠬᠢ | ᠪᠠᠯᠭᠤᠵᠤ ᠰᠠᠭᠤᠨ᠎ᠠ ᠬᠡᠭᠴᠢ ᠠᠮᠳᠠᠯᠠᠬᠰᠠᠨ ᠪᠦᠬᠦᠨ ᠤ ᠰᠢᠯᠦᠰᠦ ᠶᠢ ᠬᠤᠷᠠᠭᠤᠯᠤᠮᠠᠷ᠂ ᠶᠠᠮᠠᠷ ᠵᠡᠷᠬᠡ ᠶᠢᠨ ᠬᠤᠪᠣᠷ | ᠴᠤᠬᠠᠭ ᠠᠮᠳᠠᠳᠤ ᠢᠳᠡᠭᠡᠨ ᠢᠶᠠᠷ ᠰᠤᠯᠢᠬᠤ ᠦᠬᠡᠢ ᠠᠵᠢ᠃ ᠶᠤᠤᠮᠠᠢ ᠶᠢᠨ ᠭᠤᠯᠢᠷ ᠬᠢᠵᠤ ᠭᠠᠷᠭᠠᠬᠤ ᠳᠤ ᠨᠤᠬᠤᠨ᠎ᠠ᠂ | ᠲᠦᠯᠬᠢᠨ᠎ᠡ᠂ ᠬᠦᠪᠦᠷᠳᠡᠨᠡ᠂ ᠶᠤᠤᠮᠠᠢ ᠶᠢᠨ ᠭᠤᠯᠢᠷ ᠤᠨ ᠳᠠᠶᠢᠯᠠᠯᠭ᠎ᠠ ᠭᠡᠭᠴᠢ ᠡᠶᠢᠮᠦᠷᠬᠦᠦ ᠬᠦᠷ ᠬᠥᠭᠵᠢᠶᠡᠨᠲᠦ | ᠠᠭᠤᠷ ᠠᠮᠢᠰᠬᠤᠯ ᠲᠤᠮᠳᠠ ᠠᠴᠠ ᠬᠠᠮᠳᠤ ᠪᠠᠷ ᠨᠠᠶᠢᠯᠡᠵᠤ ᠨᠠᠷᠬᠢᠯᠳᠤᠨ ᠵᠢᠷᠭᠠᠬᠤ ᠶᠢᠨ ᠲᠦᠷᠦᠭᠳᠡᠯ ᠢ ᠤᠯᠭᠤᠨ᠎ᠠ᠃ | ᠲᠠᠨᠢᠯᠴᠠᠭᠤᠯᠬᠤ ᠠᠵᠤ ᠠᠬᠤᠶᠢᠯᠠᠯ | ᠰᠢ ᠪᠸᠢ ᠶᠤᠤᠮᠠᠶ ᠶᠢᠨ ᠲᠣᠰᠬᠤᠨ᠄ ᠬᠥᠨᠳᠡᠯᠡᠨ ᠲᠣᠭᠤᠷᠢᠭ ᠤᠨ ᠪᠤᠯᠤᠳ ᠲᠡᠮᠦᠷ ᠵᠡᠭᠡᠯᠢ ᠶᠢᠨ 20 ᠳ᠋ᠤᠭᠠᠷ | ᠨᠣᠮᠧᠷᠲᠤ ᠺᠧ ᠯᠦᠩ ᠶᠡᠭᠡ ᠪᠠᠭᠤᠳᠠᠯ ᠤᠨ ᠡᠮᠦᠨ᠎ᠡ ᠲᠠᠯ᠎ᠠ | ᠨᠤᠲᠤᠭ ᠤᠨ ᠶᠤᠤᠮᠠᠶ ᠶᠢᠨ ᠲᠣᠰᠬᠤᠨ᠄ ᠬᠥᠨᠳᠡᠯᠡᠨ ᠲᠣᠭᠤᠷᠢᠭ ᠤᠨ ᠪᠤᠯᠤᠳ ᠲᠡᠮᠦᠷ ᠵᠡᠭᠡᠯᠢ ᠪᠣᠯᠤᠨ ᠭᠤᠷᠪᠠ | ᠨᠠᠢᠮᠠ ᠵᠠᠮ ᠤᠨ ᠠᠭᠤᠯᠵᠠᠷ ᠬᠡᠰᠡᠭ ᠠᠴᠠ ᠡᠮᠦᠨᠠᠰᠢ ᠪᠠᠨ 200 ᠮᠧᠲᠷ᠂ ᠵᠠᠮ ᠤᠨ ᠪᠠᠷᠠᠭᠤᠨᠲᠠᠶ᠃ | 4. ᠰᠢᠷᠠᠭᠰᠠᠨ ᠨᠤᠭᠤᠰᠤ | | | ᠠᠭᠤᠯᠠᠨ ᠳᠤᠷ ᠮᠣᠳᠣ ᠲᠠᠢ᠂ ᠮᠣᠳᠣᠨ ᠳᠤᠷ ᠰᠠᠯᠠᠭ᠎ᠠ ᠲᠠᠢ᠂ ᠲᠠᠨ ᠳᠤ ᠲᠤᠶᠢᠯ ᠤᠨ ᠲᠤᠷᠠᠳᠠᠢ ᠪᠦᠬᠡᠳᠡᠯ᠎ᠡ | ᠲᠡ ᠬᠠᠷᠢᠨ ᠮᠡᠳᠡᠬᠦ ᠦᠬᠡᠢ ᠠᠵᠢ᠂ ᠬᠡᠤᠷᠡᠭ ᠬᠠᠯᠢᠰᠤ ᠲᠠᠢ ᠰᠢᠷᠠᠭᠰᠠᠨ ᠨᠤᠭᠤᠰᠤ ᠶᠢ ᠢᠳᠡᠨ᠎ᠡ ᠦᠦ ᠦᠭᠡᠢ ᠦᠦ ᠬᠡᠬᠦ | ᠤᠯᠠᠮᠵᠢᠯᠠᠯ ᠰᠣᠩᠭᠤᠳᠠᠭ ᠪᠤᠢ᠂ ᠢᠯᠠ ᠵᠤᠤᠬ᠎ᠠ ᠶᠢᠨ ᠲᠤᠳᠤᠷ᠎ᠠ ᠰᠢᠨ᠎ᠡ ᠰᠤᠷᠭᠤᠭ ᠢᠶᠠᠷ ᠰᠢᠷᠡᠨᠡ᠃ ᠰᠠᠷᠭᠠᠶ | ᠬᠢᠭᠡᠳ ᠰᠢᠷᠠᠭᠰᠠᠨ ᠨᠤᠭᠤᠰᠤ ᠶᠢᠨ ︽ᠠᠭᠤᠯᠵᠠᠯᠳᠠ︾ ᠂ ᠦᠨᠦᠳᠦᠷ ᠤᠨ ᠭᠠᠶᠢᠬᠠᠯᠳᠠᠢ ᠠᠮᠳᠠᠳᠤ ᠢᠳᠡᠬᠡᠨ︕ | ᠲᠠᠨᠢᠯᠴᠠᠭᠤᠯᠬᠤ ᠠᠵᠤ ᠠᠬᠤᠶᠢᠯᠠᠯ | ᠵᠢᠦ ᠶᠤᠸᠠᠢ ᠰᠢᠷᠠᠭᠰᠠᠨ ᠨᠤᠭᠤᠰᠤ᠄ ᠬᠥᠨᠳᠡᠯᠡᠨ ᠲᠣᠭᠤᠷᠢᠭ ᠤᠨ ᠪᠠᠭᠠᠴᠤᠤᠯ ᠵᠠᠮ ᠵᠡᠭᠡᠯᠢ ᠭᠤᠳᠤᠮᠵᠢ ᠶᠢᠨ | ᠬᠤᠳᠠ ᠶᠢᠨ ᠵᠠᠰᠠᠭ ᠤᠨ ᠪᠠᠷᠠᠭᠤᠨ ᠵᠠᠮ ᠤᠨ 121 ᠳ᠋ᠤᠭᠡᠷ ᠨᠣᠮᠧᠷᠲᠦ | ᠴᠢᠤᠸᠠᠨ ᠵᠢᠦᠢ ᠳ᠋ᠧ ᠰᠢᠷᠠᠭᠰᠠᠨ ᠨᠤᠭᠤᠰᠤ᠄ ᠬᠥᠨᠳᠡᠯᠡᠨ ᠲᠣᠭᠤᠷᠢᠭ ᠤᠨ ᠨᠦᠬᠦᠷᠯᠡᠯ ᠵᠡᠭᠡᠯᠢ ᠶᠢᠨ 83 ᠳ᠋ᠤᠭᠠᠷ | ᠨᠣᠮᠧᠷᠲᠦ | ᠴᠠᠩ ᠴᠧᠩ ᠰᠢᠷᠠᠭᠰᠠᠨ ᠨᠤᠭᠤᠰᠤ ᠶᠢᠨ ᠳᠡᠯᠭᠡᠭᠦᠷ᠄ ᠬᠥᠨᠳᠡᠯᠡᠨ ᠲᠣᠭᠤᠷᠢᠭ ᠤᠨ ᠨᠥᠬᠦᠷᠯᠡᠯ ᠠᠭᠤᠳᠠᠮ | ᠲᠠᠯᠠᠪᠠᠶ ᠶᠢᠨ ᠪᠦᠦ ᠴᠢ ᠲᠣᠮᠣ ᠠᠰᠠᠷ ᠤᠨ ᠨᠢᠬᠡᠳᠦᠭᠡᠷ ᠲᠠᠪᠬᠤᠷᠯᠢᠭ ᠲᠠᠬᠢ ᠳᠡᠯᠭᠡᠭᠦᠷ |