1 — 7 ᠰᠠᠷ᠎ᠠ ᠳᠤ᠂ ᠬᠥᠨᠳᠡᠯᠡᠨ ᠲᠣᠭᠤᠷᠢᠭ ᠤᠨ ᠭᠤᠤᠯ ᠪᠣᠯᠬᠤ ᠠᠵᠤ ᠠᠬᠤᠶ ᠶᠢᠨ ᠭᠦᠶᠴᠡᠳᠬᠡᠯ | ᠲᠤᠭ᠎ᠠ ᠳᠤ ᠴᠥᠮ ᠲᠣᠭᠲᠠᠭᠤᠨ ᠡᠷᠭᠢᠯᠲᠡ ᠶᠢᠨ ᠪᠠᠶᠢᠳᠠᠯ ᠢᠯᠡᠷᠡᠪᠡ᠃ ᠬᠡᠪᠴᠢᠶᠡᠵᠢᠯ ᠠᠴᠠ ᠳᠡᠭᠡᠭᠰᠢᠬᠢ ᠠᠵᠤ | ᠦᠶᠯᠡᠳᠪᠦᠷᠢ ᠶᠢᠨ ᠨᠡᠮᠡᠭᠳᠡᠯ ᠥᠷᠲᠡᠭ ᠲᠡᠭᠡᠷ᠎ᠡ ᠵᠢᠯ ᠤᠨ ᠠᠳᠠᠯᠢ ᠬᠤᠭᠤᠴᠠᠭᠠᠨ ᠤ ᠬᠢ ᠠᠴᠠ 8.8% ᠪᠠᠷ | ᠨᠡᠮᠡᠭᠳᠡᠵᠦ᠂ ᠪᠥᠬᠦ ᠤᠯᠤᠰ ︵5.9%︶᠂ ᠥᠪᠡᠷᠲᠡᠭᠡᠨ ᠵᠠᠰᠠᠬᠤ ᠣᠷᠣᠨ ︵7.7%︶ ᠤ ᠬᠢ ᠠᠴᠠ ᠲᠤᠰ | ᠲᠤᠰ ᠵᠠᠭᠤᠨ ᠤ ᠬᠠᠷᠢᠴᠠᠯ ᠢᠶᠠᠷ 2.9 ᠪᠠ 1.1 ᠬᠤᠪᠢ ᠦᠨᠳᠦᠷ ᠪᠠᠶᠢᠵᠤ᠂ ᠪᠥᠬᠦ ᠬᠤᠲᠠ ︵15.1%︶ ᠠᠴᠠ | ᠵᠠᠭᠤᠨ ᠤ ᠬᠠᠷᠢᠴᠠᠯ ᠢᠶᠠᠷ 6.3 ᠬᠤᠪᠢ ᠳᠤᠤᠷ᠎ᠠ ᠪᠣᠯᠪᠠ᠃ | ᠲᠣᠭᠲᠠᠮᠠᠯ ᠬᠥᠷᠥᠩᠭᠡ ᠶᠢᠨ ᠪᠠᠯᠠ ᠣᠷᠣᠭᠤᠯᠤᠯᠲᠠ ᠲᠡᠭᠡᠷ᠎ᠡ ᠵᠢᠯ ᠤᠨ ᠠᠳᠠᠯᠢ ᠬᠤᠭᠤᠴᠠᠭᠠᠨ ᠤ ᠬᠢ ᠠᠴᠠ | 19.2% ᠢᠶᠠᠷ ᠨᠡᠮᠡᠭᠳᠡᠵᠦ᠂ ᠪᠥᠬᠦ ᠤᠯᠤᠰ ︵3.6%︶᠂ ᠥᠪᠡᠷᠲᠡᠭᠡᠨ ᠵᠠᠰᠠᠬᠤ ᠣᠷᠣᠨ ︵10.9%︶᠂ | ᠪᠥᠬᠦ ᠬᠤᠲᠠ ︵16.0%︶ ᠶᠢᠨ ᠬᠢ ᠠᠴᠠ ᠲᠤᠰ ᠲᠤᠰ ᠵᠠᠭᠤᠨ ᠤ ᠬᠠᠷᠢᠴᠠᠯ ᠢᠶᠠᠷ 15.6᠂ 8.3 ᠪᠠ 3.2 | ᠬᠤᠪᠢ ᠥᠨᠳᠥᠷ ᠪᠣᠯᠪᠠ᠃ | ᠨᠡᠶᠢᠭᠡᠮ ᠤᠨ ᠬᠡᠷᠡᠭᠯᠡᠭᠡᠨ ᠤ ᠵᠦᠢᠯ ᠢ ᠵᠢᠵᠢᠭᠯᠡᠨ ᠪᠤᠷᠤᠯᠠᠭᠤᠯᠤᠬᠰᠠᠨ ᠶᠡᠷᠦᠩᠬᠡᠢ ᠬᠡᠮᠵᠢᠶ᠎ᠡ 202.90 | ᠳ᠋ᠦᠩᠰᠢᠭᠤᠷ ᠲᠥᠭᠦᠷᠢᠭ ᠲᠤ ᠬᠦᠷᠴᠦ᠂ ᠲᠡᠭᠡᠷ᠎ᠡ ᠵᠢᠯ ᠤᠨ ᠠᠳᠠᠯᠢ ᠬᠤᠭᠤᠴᠠᠭᠠᠨ ᠤ ᠬᠢ ᠠᠴᠠ 3.4% ᠪᠠᠷ | ᠨᠡᠮᠡᠭᠳᠡᠵᠦ᠂ ᠪᠦᠬᠦ ᠤᠯᠤᠰ ︵3.5%︶᠂ ᠪᠦᠬᠦ ᠬᠤᠲᠠ ᠶᠢᠨ ︵3.7%︶ ᠬᠢ ᠠᠴᠠ ᠲᠤᠰ ᠲᠤᠰ ᠵᠠᠭᠤᠨ ᠤ | ᠬᠠᠷᠢᠴᠠᠯ ᠢᠶᠠᠷ 0.1᠂ 0.3 ᠬᠤᠪᠢ ᠲᠤᠤᠷ᠎ᠠ ᠪᠠᠶᠢᠵᠤ᠂ ᠥᠪᠡᠷᠲᠡᠭᠡᠨ ᠵᠠᠰᠠᠬᠤ ᠣᠷᠣᠨ ︵3.0%︶ ᠤ | ᠬᠢ ᠠᠴᠠ ᠵᠠᠭᠤᠨ ᠤ ᠬᠠᠷᠢᠴᠠᠯ ᠢᠶᠠᠷ 0.4 ᠬᠤᠪᠢ ᠥᠨᠳᠥᠷ ᠪᠠᠶᠢᠵᠤ᠂ ᠶᠡᠷᠦᠩᠬᠡᠢ ᠬᠡᠮᠵᠢᠶ᠎ᠡ ᠪᠠᠷ ᠢᠶᠠᠨ ᠪᠦᠬᠦ | ᠬᠤᠲᠠ ᠶᠢᠨ ᠬᠤᠰᠢᠭᠤ ᠰᠢᠶᠠᠨ ᠲᠣᠭᠤᠷᠢᠭ ᠤᠨ ᠲᠤᠳᠤᠷ᠎ᠠ 1 ᠳ᠋ᠦ᠋ᠭᠡᠷ ᠲᠤ ᠣᠷᠣᠪᠠ᠃ |