ᠮᠤᠵᠢ ᠠᠯᠤᠰᠯᠠᠨ ᠣᠨᠳᠣᠤ ᠭᠠᠵᠠᠷ ᠲᠤ ᠣᠷᠳᠣ ᠬᠤᠭᠤᠴᠠᠭ᠎ᠠ ᠪᠠᠷ ᠰᠠᠭᠤᠵᠤ ᠪᠠᠶᠢᠭ᠎ᠠ ᠪᠤᠶᠤ ᠮᠤᠵᠢ | ᠠᠯᠤᠰᠯᠠᠨ ᠲᠦᠷ ᠴᠠᠭ ᠭᠠᠳᠠᠭᠰᠢ ᠭᠠᠷᠴᠤ ᠡᠮᠨᠡᠭᠦᠯᠬᠦ ᠳᠠᠭᠠᠳᠬᠠᠯ ᠳᠤ ᠣᠷᠣᠯᠴᠠᠭᠰᠠᠨ ᠬᠥᠮᠦᠰ ᠨᠢ ᠣᠨᠳᠣᠤ | ᠭᠠᠵᠠᠷ ᠲᠤ ᠡᠮᠨᠡᠭᠦᠯᠬᠦ ᠪᠦᠷᠢᠳᠭᠡᠨ ᠲᠠᠩᠰᠠᠯᠠᠭᠤᠯᠬᠤ ᠭᠠᠷᠳᠠᠮ ᠢᠶᠠᠨ ᠬᠢᠭᠰᠡᠨ ᠤ ᠳᠠᠷᠠᠭ᠎ᠠ᠂ ᠮᠤᠵᠢ ᠠᠯᠤᠰᠯᠠᠨ | ᠣᠨᠳᠣᠤ ᠭᠠᠵᠠᠷ ᠲᠤ ᠡᠮᠨᠡᠭᠦᠯᠦᠭᠰᠡᠨ ᠵᠠᠷᠤᠳᠠᠯ ᠢᠶᠠᠨ ᠰᠢᠭᠤᠳ ᠳ᠋ᠦᠩᠨᠡᠨ ᠪᠤᠳᠤᠬᠤ ᠦᠢᠯᠡᠴᠢᠯᠡᠭᠡ ᠶᠢ ᠭᠥᠷᠳᠡᠵᠦ | ᠪᠣᠯᠤᠨ᠎ᠠ᠃ | ᠪᠣᠳᠠᠲᠠᠢ ᠪᠠᠷ ᠶᠠᠮᠠᠷ ᠶᠠᠮᠠᠷ ᠬᠥᠮᠥᠰ ᠲᠤ ᠲᠣᠬᠢᠷᠠᠬᠤ ᠪᠤᠢ︖ | ᠮᠤᠵᠢ ᠠᠯᠤᠰᠯᠠᠨ ᠣᠨᠳᠣᠤ ᠭᠠᠵᠠᠷ ᠲᠤ ᠣᠷᠳᠣ ᠬᠤᠭᠤᠴᠠᠭ᠎ᠠ ᠪᠠᠷ ᠰᠠᠭᠤᠵᠤ ᠪᠠᠶᠢᠭ᠎ᠠ ᠬᠥᠮᠦᠰ᠃ | ᠡᠭᠦᠨ ᠳᠤ ᠣᠨᠳᠣᠣ ᠭᠠᠵᠠᠷ ᠲᠤ ᠲᠥᠪᠬᠢᠨᠡᠭᠦᠯᠦᠭᠳᠡᠭᠰᠡᠨ ᠠᠵᠢᠯ ᠠᠴᠠ ᠪᠠᠨ ᠠᠮᠠᠷᠠᠭᠰᠠᠳ᠂ ᠣᠨᠳᠣᠤ ᠭᠠᠵᠠᠷ ᠲᠤ | ᠤᠷᠲᠤ ᠬᠤᠭᠤᠴᠠᠭ᠎ᠠ ᠪᠠᠷ ᠰᠠᠭᠤᠵᠤ ᠪᠠᠶᠢᠭ᠎ᠠ ᠬᠥᠮᠦᠰ᠂ ᠣᠨᠳᠣᠤ ᠭᠠᠵᠠᠷ ᠲᠤ ᠪᠠᠶᠢᠩᠭᠤ ᠰᠠᠭᠤᠭ᠎ᠠ ᠠᠵᠢᠯᠲᠠᠨ | ᠵᠡᠷᠭᠡ ᠳᠠᠭᠠᠳᠬᠠᠯ ᠳᠤ ᠣᠷᠣᠯᠴᠠᠭᠰᠠᠨ ᠮᠤᠵᠢ ︵ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠲᠠ︶ | ᠠᠴᠠ ᠪᠠᠨ ᠭᠠᠳᠠᠨᠠᠬᠢ ᠭᠠᠵᠠᠷ ᠲᠤ ᠤᠷᠲᠤ ᠬᠤᠭᠤᠴᠠᠭ᠎ᠠ ᠪᠠᠷ ᠠᠵᠢᠯᠯᠠᠵᠤ᠂ ᠣᠷᠣᠰᠢᠨ ᠰᠠᠭᠤᠵᠤ᠂ ᠠᠮᠢᠳᠤᠷᠠᠵᠤ | ᠪᠠᠶᠢᠭ᠎ᠠ ᠬᠥᠮᠦᠰ ᠪᠠᠭᠳᠠᠵᠤ ᠪᠤᠢ᠃ | ᠮᠤᠵᠢ ᠠᠯᠤᠰᠯᠠᠨ ᠣᠨᠳᠣᠤ ᠭᠠᠵᠠᠷ ᠲᠤ ᠡᠮᠨᠡᠭᠦᠯᠬᠦ ᠪᠦᠷᠢᠳᠭᠡᠨ ᠲᠠᠩᠰᠠᠯᠠᠭᠤᠯᠬᠤ ᠭᠠᠷᠳᠠᠮ ᠢ ᠶᠠᠭᠠᠬᠢᠵᠦ | ᠭᠦᠢᠴᠡᠳᠬᠡᠬᠦ ᠪᠣᠶ︖ | ᠨᠢᠭᠡᠳᠦᠭᠡᠷ ᠠᠯᠬᠤᠮ᠄ ᠡᠬᠢᠯᠡᠵᠦ ᠪᠦᠷᠢᠳᠭᠡᠨ ᠳᠠᠩᠰᠠᠯᠠᠭᠤᠯᠬᠤ | ︽ᠤᠯᠤᠰ ᠤᠨ ᠡᠮ ᠡᠮᠨᠡᠯᠭᠡ ᠶᠢᠨ ᠳᠠᠭᠠᠳᠬᠠᠯ ᠤᠨ ᠲᠣᠪᠴᠢᠶ᠎ᠠ︾ ᠶᠢᠨ ᠸᠢᠴᠠᠲ ᠤᠨ ᠣᠯᠠᠨ ᠨᠡᠶᠢᠲᠡ ᠶᠢᠨ | ᠳ᠋ᠤᠭᠠᠷ ᠲᠤ ᠣᠷᠣᠵᠤ᠂ ᠪᠢᠴᠢᠯ ᠦᠢᠯᠡᠴᠢᠯᠡᠭᠡ → ᠤᠯᠤᠰ ᠤᠨ ᠣᠨᠳᠣᠤ ᠭᠠᠵᠠᠷ ᠲᠤ ᠡᠮᠨᠡᠭᠦᠯᠬᠦ ᠶᠢ ᠪᠦᠷᠢᠳᠭᠡᠨ | ᠳᠠᠩᠰᠠᠯᠠᠭᠤᠯᠬᠤ ᠶᠢ ᠲᠤᠪᠰᠢᠵᠦ᠂ ᠣᠨᠳᠣᠤ ᠭᠠᠵᠠᠷ ᠲᠤ ᠳᠠᠩᠰᠠᠯᠠᠭᠤᠯᠬᠤ ᠵᠢᠵᠢᠭ ᠫᠷᠤᠭ᠍ᠷᠠᠮ ᠤᠨ ᠨᠢᠭᠤᠷ ᠲᠤ | ᠤᠷᠤᠨ᠎ᠡ᠃ ᠲᠠᠷᠠᠭ᠎ᠠ ᠨᠢ ︽ᠣᠨᠳᠣᠤ ᠭᠠᠵᠠᠷ ᠲᠤ ᠡᠮᠨᠡᠭᠦᠯᠬᠦ ᠶᠢ ᠪᠦᠷᠢᠳᠭᠡᠨ ᠳᠠᠩᠰᠠᠯᠠᠭᠤᠯᠬᠤ ᠭᠤᠶᠤᠴᠢᠯᠠᠯ︾ ᠤᠨ | ᠳᠠᠷᠤᠪᠴᠢ ᠶᠢ ᠲᠤᠪᠰᠢᠭᠠᠳ ᠡᠬᠢᠯᠡᠵᠦ ᠪᠦᠷᠢᠳᠭᠡᠨ ᠳᠠᠩᠰᠠᠯᠠᠭᠤᠯᠤᠨ᠎ᠠ᠃ | ᠬᠤᠶᠠᠳᠤᠭᠠᠷ ᠠᠯᠬᠤᠮ ᠳᠤ᠄ ᠪᠦᠷᠢᠳᠭᠡᠨ ᠳᠠᠩᠰᠠᠯᠠᠭᠤᠯᠬᠤ ᠲᠥᠷᠥᠯ ᠬᠡᠯᠪᠡᠷᠢ ᠶᠢ ᠰᠤᠩᠭᠤᠬᠤ | ᠣᠨᠳᠣᠤ ᠭᠠᠵᠠᠷ ᠲᠤ ᠡᠮᠨᠡᠭᠦᠯᠬᠦ ᠶᠢ ᠪᠦᠷᠢᠳᠭᠡᠨ ᠳᠠᠩᠰᠠᠯᠠᠭᠤᠯᠬᠤ ᠪᠠᠷ ᠭᠤᠶᠤᠴᠢᠯᠠᠬᠤ ᠨᠢᠭᠤᠷ ᠲᠤ | ᠣᠷᠣᠵᠤ᠂ ᠳᠠᠭᠠᠳᠬᠠᠯ ᠳᠤ ᠣᠷᠣᠯᠴᠠᠭᠰᠠᠨ ᠭᠠᠵᠠᠷ ᠢ ᠰᠢᠰᠲ᠋ᠧᠮ ᠨᠢ ᠳᠤᠭᠤᠢ ᠮᠡᠳᠡᠷᠡᠭᠰᠡᠨ ᠤ ᠬᠤᠶᠢᠨ᠎ᠡ᠂ | ᠳᠠᠭᠠᠳᠬᠠᠯ ᠳᠤ ᠣᠷᠣᠯᠴᠠᠭᠴᠢ ᠨᠢ ᠪᠣᠳᠠᠲᠠᠶ ᠪᠠᠶᠢᠳᠠᠯ ᠢᠶᠠᠨ ᠦᠨᠳᠦᠰᠦᠯᠡᠨ ᠲᠣᠬᠢᠷᠠᠭᠤᠯᠤᠯᠲᠠ ᠬᠢᠵᠦ ᠪᠣᠯᠬᠤ | ᠪᠥᠭᠡᠳ ᠡᠮᠨᠡᠭᠦᠯᠬᠦ ᠭᠠᠵᠠᠷ᠂ ᠳᠠᠭᠠᠳᠬᠠᠯ ᠳᠤ ᠣᠷᠣᠯᠴᠠᠬᠤ ᠳᠠᠭᠠᠳᠬᠠᠯ ᠤᠨ ᠲᠥᠷᠥᠯ᠂ ᠪᠦᠷᠢᠳᠭᠡᠨ | ᠳᠠᠩᠰᠠᠯᠠᠭᠤᠯᠬᠤ ᠲᠥᠷᠥᠯ ᠬᠡᠯᠪᠡᠷᠢ ᠶᠢᠨ ᠰᠣᠩᠭᠤᠯᠲᠠ ᠶᠢ ᠰᠠᠶᠢᠲᠤᠷ ᠬᠢᠬᠦ ᠬᠡᠷᠡᠭᠲᠡᠶ᠃ | ᠭᠤᠷᠪᠠᠳᠤᠭᠠᠷ ᠠᠯᠬᠤᠮ᠄ ᠪᠦᠷᠢᠳᠭᠡᠨ ᠳᠠᠩᠰᠠᠯᠠᠭᠤᠯᠬᠤ ᠮᠠᠲ᠋ᠧᠷᠢᠶᠠᠯ ᠢᠶᠠᠨ ᠲᠤᠰᠢᠶᠠᠬᠤ | ᠪᠦᠷᠢᠳᠭᠡᠨ ᠳᠠᠩᠰᠠᠯᠠᠭᠤᠯᠬᠤ ᠮᠡᠳᠡᠭᠳᠡᠯ ᠤᠨ ᠪᠢᠴᠢᠭ ᠢ ᠤᠩᠰᠢᠵᠤ᠂ 【 ᠲᠤᠰ ᠬᠥᠮᠦᠨ ᠪᠦᠷᠢᠳᠭᠡᠨ | ᠳᠠᠩᠰᠠᠯᠠᠭᠤᠯᠬᠤ ᠮᠡᠳᠡᠭᠳᠡᠯ ᠤᠨ ᠪᠢᠴᠢᠭ ᠢ ᠨᠢᠭᠡᠨᠳᠡ ᠨᠠᠷᠢᠨ ᠤᠩᠰᠢᠭᠰᠠᠨ 】 ᠢ ᠰᠤᠩᠭᠤᠬᠰᠠᠨ ᠤ ᠳᠠᠷᠠᠭ᠎ᠠ᠂ 【 | ᠪᠢ ᠨᠢᠭᠡᠨᠲᠡ ᠤᠩᠰᠢᠪᠠ᠂ ᠡᠬᠢᠯᠡᠵᠦ ᠪᠦᠷᠢᠳᠭᠡᠨ ᠳᠠᠩᠰᠠᠯᠠᠭᠤᠯᠤᠨᠡ︾ ᠭᠡᠰᠡᠨ ᠳᠠᠷᠤᠪᠴᠢ ᠶᠢ ᠲᠤᠪᠰᠢᠨᠡ᠃ | ᠪᠦᠷᠢᠳᠭᠡᠨ ᠳᠠᠩᠰᠠᠯᠠᠭᠤᠯᠤᠭᠰᠠᠨ ᠮᠡᠳᠡᠭᠡ ᠵᠠᠩᠭᠢ᠂ ᠬᠠᠷᠢᠯᠴᠠᠬᠤ ᠬᠥᠮᠦᠨ ᠤ ᠮᠡᠳᠡᠭᠡ ᠵᠠᠩᠭᠢ ᠶᠢ ᠲᠠᠭᠯᠠᠨ | ᠪᠢᠴᠢᠬᠦ ᠶᠢᠨ ᠬᠠᠮᠲᠤ ᠶᠠᠪᠤᠭᠤᠯᠬᠤ ᠬᠠᠮᠢᠶ᠎ᠠ ᠪᠦᠬᠦᠢ ᠮᠠᠲ᠋ᠧᠷᠢᠶᠠᠯ ᠢᠶᠠᠨ ᠰᠠᠶᠢᠳᠤᠷ ᠬᠠᠷᠭᠤᠭᠤᠯᠤᠨ ᠦᠵᠡᠵᠦ ᠪᠤᠷᠤᠭᠤ | ᠦᠭᠡᠢ ᠭᠡᠳᠡᠭ ᠢᠶᠠᠨ ᠨᠤᠲᠠᠯᠠᠭᠰᠠᠨ ᠤ ᠳᠠᠷᠠᠭ᠎ᠠ᠂ ︽ᠪᠦᠷᠢᠳᠭᠡᠨ ᠳᠠᠩᠰᠠᠯᠠᠭᠤᠯᠤᠭᠰᠠᠨ ᠮᠠᠲ᠋ᠧᠷᠢᠶᠠᠯ ᠢᠶᠠᠨ | ᠲᠤᠰᠢᠶᠠᠬᠤ︾ ᠳᠠᠷᠤᠪᠴᠢ ᠶᠢ ᠲᠤᠪᠰᠢᠭᠠᠳ ᠪᠦᠷᠢᠳᠭᠡᠨ ᠳᠠᠩᠰᠠᠯᠠᠭᠤᠯᠬᠤ ᠭᠤᠶᠤᠴᠢᠯᠠᠯ ᠢᠶᠠᠨ ᠬᠦᠢᠴᠡᠳᠭᠡᠨ᠎ᠡ᠃ | ᠳᠥᠷᠪᠡᠳᠦᠭᠡᠷ ᠠᠯᠬᠤᠮ᠄ ᠪᠦᠷᠢᠳᠬᠡᠨ ᠳᠠᠩᠰᠠᠯᠠᠭᠤᠯᠤᠭᠰᠠᠨ ᠠᠬᠢᠴᠠ ᠶᠢ ᠪᠠᠶᠢᠴᠠᠭᠠᠨ ᠦᠵᠡᠬᠦ | ᠲᠦᠷᠦᠭᠦᠤ ᠨᠢᠭᠤᠷ ᠲᠠᠬᠢ 【 ᠪᠦᠷᠢᠳᠭᠡᠨ ᠳᠠᠩᠰᠠᠯᠠᠭᠤᠯᠤᠭᠰᠠᠨ ᠲᠡᠮᠳᠡᠭᠯᠡᠯ 】 ᠤᠨ ᠳᠠᠷᠤᠪᠴᠢ ᠶᠢ | ᠲᠤᠪᠰᠢᠭᠠᠳ ᠣᠨᠳᠣᠤ ᠭᠠᠵᠠᠷ ᠲᠤ ᠡᠮᠨᠡᠭᠦᠯᠬᠦ ᠶᠢ ᠪᠦᠷᠢᠳᠭᠡᠨ ᠳᠠᠩᠰᠠᠯᠠᠭᠤᠯᠤᠭᠰᠠᠨ ᠲᠡᠮᠳᠡᠭᠯᠡᠯ ᠤᠨ | ᠬᠠᠭᠤᠳᠠᠰᠤᠨ ᠳᠤ ᠣᠷᠣᠵᠤ᠂ ᠪᠦᠷᠢᠳᠭᠡᠨ ᠳᠠᠩᠰᠠᠯᠠᠭᠤᠯᠤᠭᠰᠠᠨ ᠠᠬᠢᠴᠠ ᠶᠢ ᠴᠠᠭ ᠲᠤᠬᠠᠶ ᠳᠤᠨᠢ ᠪᠠᠶᠢᠴᠠᠭᠠᠨ | ᠦᠵᠡᠵᠦ ᠪᠤᠯᠤᠨ᠎ᠠ᠃ |