ᠪᠤᠭᠤᠲᠤ ᠬᠤᠲᠠ ᠶᠢᠨ ᠪᠦᠷᠢᠨ ᠪᠠᠷᠠᠭᠠᠲᠤ ᠲᠣᠮᠣ ᠠᠰᠠᠷ ᠪᠣᠯ ᠪᠤᠭᠤᠲᠤ ᠬᠤᠲᠠ ᠶᠢᠨ ᠬᠠᠮᠤᠭ ᠤᠨ ᠶᠡᠭᠡ | ᠤᠯᠤᠰ ᠤᠨ ᠡᠵᠩᠨᠡᠯᠳᠡ ᠶᠢᠨ ᠵᠢᠵᠢᠭᠯᠡᠨ ᠬᠤᠳᠠᠯᠳᠤᠬᠤ ᠬᠤᠳᠠᠯᠳᠤᠭᠠᠨ ᠤ ᠲᠠᠯᠠᠪᠠᠢ ᠪᠣᠯᠤᠨ᠎ᠠ᠃ ᠲᠡᠭᠦᠨ ᠤ | ᠬᠡᠪᠴᠢᠶ᠎ᠡ ᠨᠢ ᠶᠡᠭᠡ᠂ ᠡᠵᠡᠩᠨᠡᠬᠦ ᠲᠥᠷᠥᠯ ᠵᠦᠢᠯ ᠨᠢ ᠣᠯᠠᠨ ᠮᠥᠷᠲᠡᠭᠡᠨ ᠦᠢᠯᠡᠴᠢᠯᠡᠬᠦ ᠣᠪᠣᠷ ᠨᠢ ᠰᠠᠶᠢᠨ᠂ | ᠦᠢᠯᠡᠴᠢᠯᠡᠬᠦ ᠠᠷᠭ᠎ᠠ ᠮᠠᠶ᠋ᠢᠭ ᠨᠢ ᠠᠮᠢᠳᠤᠯᠢᠭ ᠪᠠᠶᠢᠵᠤ᠂ ᠪᠤᠭᠤᠲᠤ ᠶᠢᠨ ᠬᠤᠲᠠ ᠬᠥᠳᠡᠭᠡ ᠶᠢᠨ ᠰᠠᠭᠤᠭᠠᠯᠢ | ᠠᠷᠠᠳ ᠤᠨ ᠦᠨᠳᠦᠷ ᠦᠨᠡᠯᠡᠯᠲᠡ ᠶᠢ ᠣᠯᠤᠭᠰᠠᠨ ᠪᠠᠶᠢᠨ᠎ᠠ᠃ ᠲᠡᠷᠡ ᠨᠢ ᠪᠦᠬᠦ ᠤᠯᠤᠰ ᠤᠨ ᠵᠠᠭᠤ ᠭᠠᠷᠤᠢ | ᠦᠢᠯᠡᠳᠪᠦᠷᠢ ᠬᠤᠳᠠᠯᠳᠤᠭ᠎ᠠ ᠲᠠᠢ ᠲᠤᠬᠠᠶᠢᠯᠠᠭᠰᠠᠨ ᠠᠵᠢᠯ ᠤᠨ ᠶᠠᠪᠤᠯᠴᠠᠭ᠎ᠠ ᠪᠠᠶᠢᠭᠤᠯᠵᠤ᠂ ᠲᠠᠸᠠᠷ ᠢ ᠬᠤᠳᠠᠯᠳᠤᠨ | ᠠᠪᠬᠤ ᠪᠠ ᠪᠣᠷᠣᠯᠠᠭᠤᠯᠬᠤ ᠳᠤᠮᠳᠠ ︽ᠦᠨᠡᠨᠴᠢ ᠢᠲᠡᠭᠡᠮᠵᠢ ᠲᠠᠢ ᠪᠠᠶᠢᠬᠤ︾ ᠵᠠᠷᠴᠢᠮ ᠢ ᠪᠠᠲᠤ ᠰᠠᠬᠢᠵᠤ᠂ ᠪᠦᠬᠦ | ᠤᠯᠤᠰ ᠲᠤ ᠪᠠᠰᠠ ᠵᠣᠬᠢᠬᠤ ᠨᠡᠷ᠎ᠡ ᠬᠦᠨᠳᠦ ᠲᠠᠢ ᠪᠠᠶᠢᠳᠠᠭ᠃ | ᠪᠤᠭᠤᠲᠤ ᠬᠤᠳᠠ ᠶᠢᠨ ᠪᠦᠷᠢᠨ ᠪᠠᠷᠠᠭᠠᠲᠤ ᠲᠤᠮᠤ ᠠᠰᠠᠷ ᠨᠢ ᠤᠤᠯ ᠳᠠᠭᠠᠨ ᠬᠥᠨᠳᠡᠯᠡᠨ ᠲᠣᠭᠤᠷᠢᠭ ᠤᠨ | ᠪᠦᠷᠢᠨ ᠪᠠᠷᠠᠭᠠᠲᠤ ᠲᠤᠮᠤ ᠠᠰᠠᠷ ᠬᠡᠮᠡᠨ ᠨᠡᠷᠡᠯᠡᠵᠤ ᠪᠠᠶᠢᠵᠠᠢ᠂ 1957 ᠣᠨ ᠳᠤ ᠡᠬᠢᠯᠡᠨ ᠪᠠᠶᠢᠭᠤᠯᠵᠤ᠂ 1959 | ᠣᠨ ᠤ 1 ᠰᠠᠷ᠎ᠠ ᠳᠤ ᠪᠠᠷᠢᠯᠭ᠎ᠠ ᠳᠠᠭᠤᠰᠴᠤ ᠠᠰᠢᠬᠯᠠᠯᠳᠠ ᠳᠤ ᠤᠷᠤᠪᠠ᠃ ᠪᠠᠷᠢᠯᠭ᠎ᠠ ᠶᠢᠨ ᠲᠠᠯᠠᠪᠠᠶ ᠨᠢ 4482 | ᠲᠡᠭᠰᠢ ᠳᠥᠷᠪᠡᠯᠵᠢᠨ ᠮᠧᠲᠷ᠂ ᠡᠵᠡᠩᠨᠡᠯᠲᠡ ᠶᠢᠨ ᠲᠠᠯᠠᠪᠠᠶ ᠨᠢ 3600 ᠲᠡᠭᠰᠢ ᠳᠥᠷᠪᠡᠯᠵᠢᠨ ᠮᠧᠲᠷ᠃ ᠨᠡᠬᠡᠮᠡᠯ | ᠪᠠᠷᠠᠭ᠎ᠠ᠂ ᠡᠳᠦᠷ ᠲᠤᠲᠤᠮ ᠤᠨ ᠬᠡᠷᠡᠭᠯᠡᠭᠡᠨ ᠤ ᠪᠦᠷᠢᠨ ᠪᠠᠷᠠᠭ᠎ᠠ᠂ ᠰᠣᠶᠣᠯ ᠤᠨ ᠬᠡᠷᠡᠭᠰᠡᠯ᠂ ᠦᠨᠳᠦᠰᠦᠲᠡᠨ ᠤ | ᠤᠨᠴᠠᠯᠢᠬᠳᠤ ᠡᠳ᠋ᠯᠠᠯ ᠬᠡᠷᠡᠭᠰᠡᠯ᠂ ᠬᠤᠪᠴᠠᠰᠤ ᠬᠤᠨᠠᠷ ᠱᠠᠬᠠᠶ ᠮᠠᠯᠠᠭᠠᠶ ᠵᠡᠷᠭᠡ ᠶᠢ ᠭᠤᠣᠯᠯᠠᠨ ᠡᠵᠡᠩᠨᠡᠵᠦ᠂ | ᠲᠡᠮᠦᠷᠯᠢᠭ᠂ ᠡᠮ ᠡᠮᠨᠡᠯᠭᠡ᠂ ᠰᠢᠬᠢᠷ ᠵᠢᠮᠢᠰ ᠤᠨ ᠢᠳᠡᠭᠡᠨ᠂ ᠨᠤᠲᠤᠭ ᠤᠨ ᠭᠠᠷᠤᠯᠲᠠ ᠵᠡᠷᠭᠡ ᠡᠳᠦᠷ ᠲᠤᠲᠤᠮ ᠤᠨ | ᠬᠡᠷᠡᠭᠯᠡᠭᠡᠨ ᠤ ᠵᠦᠢᠯᠡᠰ ᠢ ᠬᠠᠪᠰᠤᠷᠭᠠᠨ ᠡᠵᠡᠩᠨᠡᠵᠤ ᠨᠠᠶᠢᠳᠠ 5000 ᠭᠠᠷᠤᠶ ᠵᠦᠢᠯ ᠤᠨ ᠲᠠᠸᠠᠷ ᠡᠵᠡᠩᠨᠡᠵᠦ | ᠪᠠᠶᠢᠨ᠎ᠠ᠃ | ᠬᠥᠨᠳᠡᠯᠡᠨ ᠲᠣᠭᠤᠷᠢᠭ ᠤᠨ ᠪᠦᠷᠢᠨ ᠪᠠᠷᠠᠭᠠᠲᠤ ᠲᠤᠮᠤ ᠠᠰᠠᠷ ᠪᠠᠶᠢᠭᠤᠯᠤᠭᠳᠠᠭᠰᠠᠨ ᠡᠬᠢᠨ ᠤ | ᠬᠤᠭᠤᠴᠠᠭᠠᠨ ᠳᠤ᠂ ᠬᠥᠨᠳᠡᠯᠡᠨ ᠲᠣᠭᠤᠷᠢᠭ ᠤᠨ ᠬᠤᠳᠠᠯᠳᠤᠭᠠᠨ ᠤ ᠲᠣᠪᠴᠢᠶ᠎ᠠ ᠠᠴᠠ ᠬᠠᠮᠢᠶᠠᠷᠴᠤ ᠪᠠᠶᠢᠬᠰᠠᠨ ᠶᠤᠮ᠃ | 1962 ᠣᠨ ᠤ 8 ᠰᠠᠷ᠎ᠠ ᠳᠤ᠂ ᠬᠥᠨᠳᠡᠯᠡᠨ ᠲᠣᠭᠤᠷᠢᠭ ᠤᠨ ᠬᠤᠳᠠᠯᠳᠤᠭᠠᠨ ᠤ ᠲᠣᠪᠴᠢᠶ᠎ᠠ ᠶᠢ ᠬᠦᠴᠦᠨ ᠦᠬᠡᠢ | ᠪᠤᠯᠭᠠᠵᠤ᠂ ᠬᠥᠨᠳᠡᠯᠡᠨ ᠲᠣᠭᠤᠷᠢᠭ ᠤᠨ ᠪᠦᠷᠢᠨ ᠪᠠᠷᠠᠭᠠᠲᠤ ᠲᠣᠮᠣ ᠠᠰᠠᠷ ᠢ ᠪᠤᠭᠤᠲᠤ ᠬᠤᠲᠠ ᠶᠢᠨ ᠪᠦᠷᠢᠨ | ᠪᠠᠷᠠᠭᠠᠲᠤ ᠺᠣᠮᠫᠠᠨᠢ ᠶᠢᠨ ᠬᠥᠨᠳᠡᠯᠡᠨ ᠲᠣᠭᠤᠷᠢᠭ ᠤᠨ ᠪᠦᠷᠢᠨ ᠪᠠᠷᠠᠭᠠᠲᠤ ᠳᠡᠯᠭᠡᠭᠦᠷ ᠲᠤ ᠬᠠᠷᠢᠶᠠᠯᠠᠭᠤᠯᠪᠠ᠃ 1964 | ᠣᠨ ᠤ 4 ᠰᠠᠷ᠎ᠠ ᠳᠤ᠂ ᠪᠤᠭᠤᠲᠤ ᠬᠤᠲᠠ ᠶᠢᠨ ᠪᠦᠷᠢᠨ ᠪᠠᠷᠠᠭᠠᠲᠤ ᠺᠣᠮᠫᠠᠨᠢ ᠠᠴᠠ ᠰᠢᠭᠤᠳ ᠤᠳᠤᠷᠢᠳᠴᠤ ᠪᠠᠶᠢᠪᠠ᠃ | | 1983 ᠣᠨ ᠳᠤ᠂ ᠬᠥᠨᠳᠡᠯᠡᠨ ᠲᠣᠭᠤᠷᠢᠭ ᠤᠨ ᠪᠦᠷᠢᠨ ᠪᠠᠷᠠᠭᠠᠲᠤ ᠲᠣᠮᠣ ᠠᠰᠠᠷ ᠲᠤ ᠪᠠᠷᠢᠯᠭ᠎ᠠ ᠶᠢᠨ ᠶᠠᠰᠤ | ᠴᠢᠨᠠᠷ ᠤᠨ ᠠᠰᠠᠭᠤᠳᠠᠯ ᠣᠷᠣᠰᠢᠵᠤ᠂ ᠬᠡᠪᠴᠢᠶ᠎ᠡ ᠨᠢ ᠪᠠᠰᠠ ᠴᠠᠭ ᠦᠶ᠎ᠡ ᠶᠢᠨ ᠬᠥᠭᠵᠢᠯᠲᠡ ᠶᠢᠨ ᠬᠡᠷᠡᠭᠴᠡᠭᠡ ᠳᠤ | ᠵᠣᠬᠢᠴᠠᠬᠤ ᠦᠭᠡᠶ ᠪᠠᠶᠢᠭ᠎ᠠ ᠪᠣᠯᠬᠤᠷ᠂ ᠪᠤᠭᠤᠲᠤ ᠬᠤᠲᠠ ᠶᠢᠨ ᠠᠷᠠᠳ ᠤᠨ ᠵᠠᠰᠠᠭ ᠤᠨ ᠣᠷᠳᠣᠨ ᠤᠭ ᠭᠠᠵᠠᠷ ᠢ ᠨᠢ | ᠨᠤᠷᠠᠭᠠᠵᠤ ᠳᠠᠬᠢᠨ ᠪᠠᠶᠢᠭᠤᠯᠬᠤ ᠪᠠᠷ ᠲᠣᠭᠲᠠᠪᠠ᠃ ᠲᠤᠰ ᠵᠢᠯ ᠤᠨ 6 ᠰᠠᠷ᠎ᠠ ᠳᠤ᠂ ᠬᠥᠨᠳᠡᠯᠡᠨ ᠲᠣᠭᠤᠷᠢᠭ ᠤᠨ | ᠪᠦᠷᠢᠨ ᠪᠠᠷᠠᠭᠠᠲᠤ ᠲᠤᠮᠤ ᠠᠰᠠᠷ ᠢ ᠨᠤᠷᠠᠭᠠᠪᠠ︔ ᠲᠠᠷᠠᠭ᠎ᠠ ᠵᠢᠯ ᠤᠨ ᠬᠢᠨᠢ 3 ᠰᠠᠷ᠎ᠠ ᠳᠤ᠂ ᠬᠥᠨᠳᠡᠯᠡᠨ | ᠲᠣᠭᠤᠷᠢᠭ ᠤᠨ ᠪᠦᠷᠢᠨ ᠪᠠᠷᠠᠭᠠᠲᠤ ᠲᠤᠮᠤ ᠠᠰᠠᠷ ᠢ ᠲᠠᠬᠢᠨ ᠪᠠᠶᠢᠭᠤᠯᠬᠤ ᠪᠠᠷᠢᠯᠭ᠎ᠠ ᠡᠬᠢᠯᠡᠪᠡ︔ 10 ᠰᠠᠷ᠎ᠠ ᠶᠢᠨ | 1 ᠤ ᠡᠳᠦᠷ᠂ ᠬᠥᠨᠳᠡᠯᠡᠨ ᠲᠣᠭᠤᠷᠢᠭ ᠤᠨ ᠪᠦᠷᠢᠨ ᠪᠠᠷᠠᠭᠠᠲᠤ ᠲᠤᠮᠤ ᠠᠰᠠᠷ ᠪᠠᠶᠢᠭᠤᠯᠤᠭᠳᠠᠪᠠ᠃ ᠰᠢᠨᠡᠳᠬᠡᠵᠦ | ᠪᠠᠶᠢᠭᠤᠯᠤᠭᠰᠠᠨ ᠤ ᠳᠠᠷᠠᠭ᠎ᠠ᠂ ᠬᠥᠨᠳᠡᠯᠡᠨ ᠲᠣᠭᠤᠷᠢᠭ ᠤᠨ ᠪᠦᠷᠢᠨ ᠪᠠᠷᠠᠭᠠᠲᠤ ᠲᠣᠮᠣ ᠠᠰᠠᠷ ᠢ ᠪᠤᠭᠤᠲᠤ ᠶᠢᠨ | ᠪᠦᠷᠢᠨ ᠪᠠᠷᠠᠭᠠᠲᠤ ᠲᠣᠮᠣ ᠠᠰᠠᠷ ᠭᠡᠵᠦ ᠬᠠᠯᠠᠪᠠ᠂ ᠪᠠᠷᠢᠯᠭ᠎ᠠ ᠶᠢᠨ ᠲᠠᠯᠠᠪᠠᠶ ᠨᠢ 1 ᠲᠦᠮᠡᠨ ᠲᠡᠭᠰᠢ ᠳᠥᠷᠪᠡᠯᠵᠢᠨ | ᠮᠧᠲᠷ ᠰᠢᠬᠠᠮ᠂ ᠡᠵᠡᠩᠨᠡᠯᠲᠡ ᠶᠢᠨ ᠲᠠᠯᠠᠪᠠᠶ ᠨᠢ 6623 ᠲᠡᠭᠰᠢ ᠳᠥᠷᠪᠡᠯᠵᠢᠨ ᠮᠧᠲᠷ ᠪᠠᠶᠢᠵᠤ᠂ ᠡᠵᠡᠩᠨᠡᠯᠲᠡ ᠶᠢᠨ | ᠲᠥᠷᠥᠯ ᠵᠦᠶᠯ ᠨᠢ 1.3 ᠲᠦᠮᠡᠨ ᠵᠦᠶᠯ ᠣᠷᠴᠢᠮ ᠪᠠᠶᠢᠬᠤ ᠶᠢ ᠪᠠᠲᠤᠯᠠᠪᠠ᠃ | 1985 ᠣᠨ ᠤ 10 ᠰᠠᠷ᠎ᠠ ᠳᠤ᠂ ᠪᠤᠭᠤᠲᠤ ᠬᠤᠲᠠ ᠶᠢᠨ ᠪᠦᠷᠢᠨ ᠪᠠᠷᠠᠭᠠᠲᠤ ᠺᠣᠮᠫᠠᠨᠢ ᠶᠢ ᠬᠦᠴᠦᠨ ᠦᠬᠡᠢ | ᠪᠤᠯᠭᠠᠵᠤ᠂ ᠪᠤᠭᠤᠲᠤ ᠶᠢᠨ ᠪᠦᠷᠢᠨ ᠪᠠᠷᠠᠭᠠᠲᠤ ᠲᠣᠮᠣ ᠠᠰᠠᠷ ᠢ ᠪᠤᠭᠤᠲᠤ ᠬᠤᠲᠠ ᠶᠢᠨ ᠬᠤᠳᠠᠯᠳᠤᠭᠠᠨ ᠤ | ᠲᠣᠪᠴᠢᠶ᠎ᠠ ᠠᠴᠠ ᠤᠳᠤᠷᠢᠳᠪᠠ᠃ ᠲᠣᠰ ᠵᠢᠯ ᠤᠨ 12 ᠰᠠᠷ᠎ᠠ ᠶᠢᠨ 10 ᠤ ᠡᠳᠦᠷ᠂ ᠪᠤᠭᠤᠲᠤ ᠶᠢᠨ ᠪᠦᠷᠢᠨ | ᠪᠠᠷᠠᠭᠠᠲᠤ ᠲᠣᠮᠣ ᠠᠰᠠᠷ ᠢ ᠪᠤᠭᠤᠲᠤ ᠬᠤᠲᠠ ᠶᠢᠨ ᠪᠦᠷᠢᠨ ᠪᠠᠷᠠᠭᠠᠲᠤ ᠲᠤᠮᠤ ᠠᠰᠠᠷ ᠬᠡᠵᠤ ᠨᠡᠷ᠎ᠡ ᠶᠢ ᠨᠢ | ᠦᠬᠡᠷᠡᠴᠢᠯᠡᠵᠤ᠂ ᠮᠥᠨ ᠯᠡ ᠵᠢᠵᠢᠭᠯᠡᠨ ᠬᠤᠳᠠᠯᠳᠤᠬᠤ ᠪᠠᠷ ᠭᠤᠤᠯ ᠪᠣᠯᠭᠠᠵᠤ᠂ ᠪᠥᠭᠡᠮ ᠢᠶᠠᠷ ᠬᠤᠳᠠᠯᠳᠤᠬᠤ ᠶᠢ | ᠬᠠᠪᠰᠤᠷᠭᠠᠨ ᠡᠵᠡᠩᠨᠡᠵᠦ᠂ ᠡᠵᠡᠩᠨᠡᠯᠲᠡ ᠶᠢᠨ ᠲᠥᠷᠥᠯ ᠵᠦᠶᠯ ᠨᠢ 1.5 ᠲᠦᠮᠡᠨ ᠵᠦᠶᠯ ᠳᠤ ᠬᠦᠷᠴᠡᠶ᠃ | ᠪᠤᠭᠤᠲᠤ ᠬᠤᠲᠠ ᠶᠢᠨ ᠪᠦᠷᠢᠨ ᠪᠠᠷᠠᠭᠠᠲᠤ ᠲᠣᠮᠣ ᠠᠰᠠᠷ ︵ᠲᠤᠬᠠᠶ ᠶᠢᠨ ᠦᠶ᠎ᠡ ᠳᠤ ᠬᠥᠨᠳᠡᠯᠡᠨ | ᠲᠣᠭᠤᠷᠢᠭ ᠤᠨ ᠪᠦᠷᠢᠨ ᠪᠠᠷᠠᠭᠠᠲᠤ ᠲᠣᠮᠣ ᠠᠰᠠᠷ ᠬᠡᠵᠤ ᠨᠠᠷᠠᠯᠠᠵᠤ ᠪᠠᠶᠢᠵᠠᠢ︶ ᠤᠨ ᠡᠵᠡᠩᠨᠡᠯᠲᠡ ᠡᠬᠢᠯᠡᠭᠰᠡᠨ ᠡᠬᠢᠨ ᠤ | ᠦᠶ᠎ᠡ ᠪᠣᠯ ᠶᠠᠭ ᠪᠤᠭᠤᠲᠤ ᠶᠢᠨ ᠪᠣᠯᠣᠳ ᠲᠡᠮᠦᠷ ᠤᠨ ᠺᠣᠮᠫᠠᠨᠢ ᠪᠠᠷ ᠭᠤᠤᠯ ᠪᠣᠯᠭᠠᠭᠰᠠᠨ ᠬᠦᠨᠳᠦ ᠠᠵᠤ | ᠦᠶᠯᠡᠳᠪᠦᠷᠢ ᠶᠢᠨ ᠰᠠᠭᠤᠷᠢᠨ ᠭᠠᠵᠠᠷ ᠤᠨ ᠪᠥᠲᠥᠭᠡᠨ ᠪᠠᠶᠢᠭᠤᠯᠤᠯᠲᠠ ᠶᠢᠨ ᠣᠷᠭᠢᠯ ᠤᠨ ᠦᠶ᠎ᠡ ᠪᠣᠯᠤᠨ᠎ᠠ᠃ ᠰᠢᠨ᠎ᠡ | ᠬᠤᠳᠠ ᠶᠢᠨ ᠲᠣᠭᠤᠷᠢᠭ ᠤᠨ ᠪᠦᠳᠦᠭᠡᠨ ᠪᠠᠶᠢᠭᠤᠯᠤᠯᠲᠠ ᠠᠩᠬ᠎ᠠ ᠠᠯᠬᠤᠮ ᠬᠡᠪᠴᠢᠶᠡᠵᠢᠵᠦ᠂ ᠬᠤᠳᠠ ᠶᠢᠨ ᠬᠥᠮᠦᠨ | ᠠᠮᠠ ᠴᠤ ᠨᠡᠯᠢᠶᠡᠳ ᠤᠯᠠᠨ ᠪᠤᠯᠵᠤ ᠨᠡᠮᠡᠭᠳᠡᠪᠡ᠃ ᠨᠡᠶᠢᠭᠡᠮ ᠤᠨ ᠬᠤᠳᠠᠯᠳᠤᠨ ᠠᠪᠬᠤ ᠴᠢᠳᠠᠪᠤᠷᠢ ᠲᠦᠢᠯ ᠤᠨ | ᠴᠢᠩᠭ᠎ᠠ᠂ ᠲᠠᠸᠠᠷ ᠤᠨ ᠬᠠᠩᠭᠠᠯᠭ᠎ᠠ ᠬᠦᠷᠦᠯᠴᠡᠬᠦ ᠦᠭᠡᠢ ᠪᠠᠶᠢᠪᠠ᠃ ︽ᠪᠥᠬᠦ ᠬᠤᠲᠠ ᠪᠠᠷ ᠢᠶᠠᠨ ᠪᠤᠭᠤᠲᠤ ᠶᠢᠨ | ᠪᠣᠯᠣᠳ ᠲᠡᠮᠦᠷ ᠤᠨ ᠬᠦᠭᠵᠢᠯᠳᠠ ᠶᠢ ᠳᠡᠮᠵᠢᠬᠦ︾ ᠤᠷᠢᠶᠠᠯᠠᠭ᠎ᠠ ᠶᠢᠨ ᠳᠤᠤᠷ᠎ᠠ᠂ ᠪᠥᠭᠡᠮ ᠢᠶᠠᠷ ᠬᠤᠳᠠᠯᠳᠤᠬᠤ ᠠᠵᠤ | ᠠᠬᠤᠶᠢᠯᠠᠯ ᠨᠢ ᠬᠢᠵᠠᠭᠠᠷᠲᠠᠶ ᠪᠠᠶᠢᠬᠰᠠᠨ ᠲᠠᠸᠠᠷ ᠢᠶᠠᠨ ᠰᠢᠨ᠎ᠡ ᠲᠣᠭᠤᠷᠢᠭ ᠲᠤ ᠨᠡᠯᠢᠶᠡᠳ ᠣᠯᠠᠨ ᠢ ᠨᠢ | ᠵᠥᠭᠡᠭᠡᠪᠦᠷᠢᠯᠡᠨ ᠠᠪᠠᠴᠢᠵᠤ᠂ ᠪᠤᠭᠤᠲᠤ ᠬᠤᠲᠠ ᠶᠢᠨ ᠪᠦᠷᠢᠨ ᠪᠠᠷᠠᠭᠠᠲᠤ ᠲᠣᠮᠣ ᠠᠰᠠᠷ ᠰᠠᠨᠠᠭᠠᠴᠢᠯᠠᠭ᠎ᠠ ᠠᠴᠠ ᠪᠠᠨ | ᠨᠠᠩ ᠣᠯᠠᠨ ᠪᠠᠷᠠᠭᠠᠨ ᠤ ᠢᠷᠡᠯᠲᠡ ᠶᠢ ᠲᠡᠮᠡᠴᠡᠨ ᠣᠯᠵᠤ᠂ ᠡᠵᠡᠩᠨᠡᠯᠲᠡ ᠶᠢᠨ ᠲᠥᠷᠥᠯ ᠵᠦᠶᠯ ᠢ 4000 | ᠵᠦᠶᠯ ᠠᠴᠠ ᠳᠡᠭᠡᠭᠰᠢ ᠪᠠᠶᠢᠯᠭᠠᠬᠤ ᠶᠢ ᠪᠠᠲᠤᠯᠠᠪᠠ᠃ ᠤᠯᠤᠰ ᠬᠡᠷ ᠭᠤᠷᠪᠠᠨ ᠵᠢᠯ ᠤᠨ ᠪᠠᠶᠢᠭᠠᠯᠢ ᠶᠢᠨ ᠭᠠᠮᠰᠢᠭ ᠲᠤ | ᠤᠴᠠᠷᠠᠭᠰᠠᠨ ᠬᠤᠭᠤᠴᠠᠭᠠᠨ ᠳᠤ᠂ ᠲᠠᠸᠠᠷ ᠶᠡᠭᠡ ᠪᠠᠷ ᠳᠤᠲᠠᠭᠳᠠᠵᠤ ᠪᠠᠶᠢᠪᠠ᠃ ᠤᠯᠤᠰ ᠠᠷᠠᠳ ᠤᠨ ᠠᠵᠤ ᠠᠬᠤᠶ | ᠳᠠᠬᠢᠨ ᠰᠡᠷᠭᠦᠭᠡᠳ ᠳᠡᠮᠡᠶ ᠤᠳᠠᠯ ᠦᠭᠡᠶ᠂ ︽ᠰᠣᠶᠣᠯ ᠤᠨ ᠶᠡᠭᠡ ᠬᠤᠪᠢᠰᠬᠠᠯ︾ ᠤᠨ ᠳᠠᠭᠠᠷᠢᠯᠲᠠ ᠳᠤ | ᠤᠴᠠᠷᠠᠭᠰᠠᠨ ᠠᠴᠠ ᠤᠯᠤᠰ ᠠᠷᠠᠳ ᠤᠨ ᠠᠵᠤ ᠠᠬᠤᠶ ᠪᠠᠰᠠ ᠰᠦᠢᠷᠡᠬᠦ ᠰᠢᠬᠠᠪᠠ᠂ ᠭᠡᠪᠡᠴᠦ ᠪᠤᠭᠤᠲᠤ ᠬᠤᠲᠠ ᠶᠢᠨ | ᠪᠦᠷᠢᠨ ᠪᠠᠷᠠᠭᠠᠲᠤ ᠲᠣᠮᠣ ᠠᠰᠠᠷ ᠤᠨ ᠲᠠᠸᠠᠷ ᠮᠥᠨ ᠯᠡ ᠳᠡᠯᠭᠡᠭᠦᠷ ᠪᠠᠶᠢᠭᠤᠯᠬᠤ ᠦᠶ᠎ᠡ᠂ ᠲᠠᠷᠤᠢ 20 ᠳ᠋ᠤᠭᠠᠷ | ᠵᠠᠭᠤᠨ ᠤ ᠲᠠᠪᠢ — ᠳᠠᠯᠠᠭᠠᠳ ᠣᠨ ᠤ ᠳᠤᠮᠳᠠᠴᠢ ᠦᠶ᠎ᠡ ᠶᠢᠨ ᠬᠡᠪᠴᠢᠶ᠎ᠡ ᠪᠠᠨ ᠪᠠᠲᠤᠯᠠᠵᠤ ᠪᠠᠶᠢᠪᠠ᠂ ᠪᠤᠭᠤᠳᠤ | ᠬᠤᠳᠠ ᠶᠢᠨ ᠪᠦᠷᠢᠨ ᠪᠠᠷᠠᠭᠠᠲᠦ ᠲᠣᠮᠣ ᠠᠰᠠᠷ ᠨᠢ ᠲᠠᠸᠠᠷ ᠢᠶᠠᠷ ᠣᠯᠠᠨ᠂ ᠬᠡᠪᠴᠢᠶ᠎ᠡ ᠶᠡᠭᠡ ᠪᠠᠷ ᠢᠶᠠᠨ ᠬᠤᠯᠠ | ᠤᠶᠢᠷ᠎ᠠ ᠳᠠᠭᠠᠨ ᠨᠡᠷ᠎ᠡ ᠠᠯᠳᠠᠷᠰᠢᠭᠰᠠᠨ ᠪᠠᠶᠢᠨ᠎ᠠ᠃ | ︽ᠰᠣᠶᠣᠯ ᠤᠨ ᠶᠡᠭᠡ ᠬᠤᠪᠢᠰᠬᠠᠯ︾ ᠳᠠᠭᠤᠰᠤᠭᠰᠠᠨ ᠤ ᠳᠠᠷᠠᠭ᠎ᠠ᠂ ᠪᠤᠭᠤᠲᠤ ᠬᠤᠲᠠ ᠶᠢᠨ ᠪᠦᠷᠢᠨ ᠪᠠᠷᠠᠭᠠᠲᠤ | ᠲᠣᠮᠣ ᠠᠰᠠᠷ ᠨᠢ ︽ᠰᠣᠶᠣᠯ ᠤᠨ ᠶᠡᠭᠡ ᠬᠤᠪᠢᠰᠬᠠᠯ︾ ᠤᠨ ᠳᠤᠮᠳᠠ ᠢᠯᠡᠷᠡᠭᠰᠡᠨ ︽ᠬᠦᠶᠲᠡᠮᠰᠦᠭ᠂ ᠬᠠᠲᠠᠭᠤ᠂ | ᠬᠡᠳᠡᠷᠯᠡᠬᠦ︾ ︵ᠵᠣᠴᠢᠳ ᠲᠤ ᠬᠦᠶᠲᠡᠮᠰᠦᠭ᠂ ᠦᠭᠡ ᠬᠡᠯᠡ ᠨᠢ ᠬᠠᠲᠠᠭᠤ᠂ ᠬᠦᠮᠦᠨ ᠤ ᠦᠭᠡᠳᠡ ᠠᠴᠠ ᠬᠡᠳᠡᠷ | ᠦᠬᠡ ᠶᠠᠷᠢᠬᠤ︶ ᠵᠡᠷᠭᠡ ᠦᠵᠡᠭᠳᠡᠯ ᠳᠤ ᠴᠢᠭᠯᠡᠭᠦᠯᠦᠨ᠂ ᠪᠥᠬᠦ ᠠᠵᠢᠯᠲᠠᠳ ᠲᠤ ︽ᠦᠶᠯᠡᠴᠢᠯᠡᠬᠦ ᠣᠪᠣᠷ ᠢᠶᠠᠨ | ᠰᠠᠶᠢᠵᠢᠷᠠᠭᠤᠯᠵᠤ᠂ ᠦᠶᠯᠡᠴᠢᠯᠡᠭᠡᠨ ᠤ ᠶᠠᠰᠤ ᠴᠢᠨᠠᠷ ᠢᠶᠠᠨ ᠳᠡᠭᠡᠭᠰᠢᠯᠡᠭᠦᠯᠦᠨ᠂ ᠰᠠᠨᠠᠭᠠᠴᠢᠯᠠᠭ᠎ᠠ ᠠᠴᠠ ᠪᠠᠨ᠂ | ᠬᠠᠯᠠᠭᠤᠮᠰᠤᠭ᠂ ᠬᠦᠯᠢᠴᠡᠩᠭᠦᠶ ᠪᠠᠷ ᠬᠡᠷᠡᠭᠯᠡᠭᠴᠢ ᠨᠢᠭᠡᠪᠦᠷᠢ ᠶᠢ ᠰᠠᠶᠢᠲᠤᠷ ᠭᠥᠯᠢᠶᠡᠨ ᠠᠪᠴᠦ ᠦᠢᠯᠡᠴᠢᠯᠡᠬᠦ︾ | ᠱᠠᠭᠠᠷᠳᠠᠯᠭ᠎ᠠ ᠳᠤᠷᠠᠳᠤᠭᠰᠠᠨ ᠪᠠᠶᠢᠨ᠎ᠠ᠃ ᠪᠤᠭᠤᠲᠤ ᠬᠤᠲᠠ ᠶᠢᠨ ᠪᠦᠷᠢᠨ ᠪᠠᠷᠠᠭᠠᠲᠤ ᠲᠣᠮᠣ ᠠᠰᠠᠷ ᠨᠢ ᠲᠠᠸᠠᠷ ᠤᠨ | ᠳᠡᠯᠭᠡᠨ ᠦᠵᠡᠭᠦᠯᠭᠡ ᠶᠢ ᠴᠢᠬᠤᠯᠠᠴᠢᠯᠠᠵᠤ᠂ ᠡᠵᠡᠩᠨᠡᠯᠲᠡ ᠶᠢᠨ ᠰᠣᠶᠣᠯ ᠢ ᠡᠷᠬᠢᠮᠯᠡᠵᠦ᠂ ᠨᠢᠭᠡ ᠪᠦᠯᠦᠭ ᠵᠠᠩ ᠪᠢᠩ | ᠬᠦᠶ ᠰᠢᠭ ᠰᠠᠶᠢᠨ ᠡᠵᠡᠩᠨᠡᠭᠴᠢ᠂ ᠪᠠᠷᠠᠭ᠎ᠠ ᠬᠤᠳᠠᠯᠳᠤᠭᠴᠢ ᠢᠯᠡᠷᠡᠵᠡᠶ᠃ ᠴᠥᠭᠡᠨ ᠪᠤᠰᠤ ᠬᠡᠷᠡᠭᠯᠡᠭᠴᠢ᠂ ᠪᠤᠭᠤᠲᠤ | ᠬᠤᠳᠠ ᠶᠢᠨ ᠪᠦᠷᠢᠨ ᠪᠠᠷᠠᠭᠠᠲᠤ ᠲᠤᠮᠤ ᠠᠰᠠᠷ ᠲᠤ ᠶᠠᠭᠤᠮ᠎ᠠ ᠬᠤᠳᠠᠯᠳᠤᠨ ᠠᠪᠬᠤ ᠳᠤ ᠪᠠᠶᠠᠷᠯᠠᠵᠤ ᠢᠷᠡᠵᠤ᠂ | ᠰᠡᠳᠬᠢᠯ ᠬᠠᠨᠤᠮᠵᠢᠳᠠᠢ ᠪᠤᠴᠠᠳᠠᠭ ᠪᠠᠶᠢᠨ᠎ᠠ᠃ | ᠠᠵᠤ ᠠᠬᠤᠢ ᠶᠢᠨ ᠪᠠᠶᠢᠭᠤᠯᠤᠯ ᠤᠨ ᠥᠭᠡᠷᠡᠴᠢᠯᠡᠯᠲᠡ ᠶᠢᠨ ᠠᠯᠬᠤᠮ ᠠᠯᠬᠤᠮ ᠢᠶᠠᠷ ᠭᠦᠨᠵᠡᠭᠡᠶᠢᠷᠡᠬᠦ ᠶᠢ | ᠲᠠᠭᠠᠯᠳᠤᠨ᠂ ︽ᠭᠤᠷᠪᠠᠨ ᠤᠯᠠᠨ ᠨᠢᠭᠡ ᠴᠥᠭᠡᠨ︾ ᠤ ᠭᠦᠢᠯᠭᠡᠭᠡᠨ ᠤ ᠪᠠᠶᠢᠭᠤᠯᠤᠯ ᠠᠯᠬᠤᠮ ᠠᠯᠬᠤᠮ ᠢᠶᠠᠷ | ᠪᠦᠷᠢᠯᠳᠦᠵᠦ᠂ ᠵᠠᠬ᠎ᠠ ᠳᠡᠯᠭᠡᠭᠦᠷ ᠤᠨ ᠥᠷᠢᠰᠥᠯᠳᠦᠭᠡᠨ ᠴᠦ ᠡᠳᠦᠷ ᠢᠷᠡᠬᠦᠶ᠎ᠡ ᠰᠢᠷᠦᠭᠦᠰᠪᠠ᠃ ᠪᠤᠭᠤᠲᠤ | ᠬᠤᠲᠠ ᠶᠢᠨ ᠪᠦᠷᠢᠨ ᠪᠠᠷᠠᠭᠠᠲᠤ ᠲᠤᠮᠤ ᠠᠰᠠᠷ ᠤᠨ ᠠᠪᠤᠭᠰᠠᠨ ᠡᠵᠡᠩᠨᠡᠯᠲᠡ ᠶᠢᠨ ᠠᠷᠭ᠎ᠠ ᠪᠣᠳᠣᠯᠭ᠎ᠠ ᠪᠣᠯ᠄ ᠴᠢᠨᠦ | ᠦᠬᠡᠢ ᠶᠠᠭᠤᠮ᠎ᠠ ᠨᠠᠳᠠ ᠳᠤ ᠪᠤᠢ᠂ ᠴᠢᠨᠦ ᠪᠠᠶᠢᠬᠤ ᠶᠠᠭᠤᠮ᠎ᠠ ᠮᠢᠨᠦ ᠠᠳᠡ ᠨᠡᠩ ᠰᠢᠯᠢᠳᠡᠭ᠂ ᠠᠳᠠᠯᠢᠬᠠᠨ ᠰᠢᠯᠢᠳᠡᠭ | ᠲᠠᠸᠠᠷ ᠮᠢᠨᠦ ᠠᠳᠡ ᠬᠢᠮᠳᠠ᠃ ᠪᠤᠭᠤᠲᠤ ᠬᠤᠲᠠ ᠶᠢᠨ ᠪᠦᠷᠢᠨ ᠪᠠᠷᠠᠭᠠᠲᠤ ᠲᠣᠮᠣ ᠠᠰᠠᠷ ᠤᠨ ᠲᠠᠸᠠᠷ ᠣᠯᠠᠨ᠂ ᠶᠠᠰᠤ | ᠴᠢᠨᠠᠷ ᠰᠠᠶᠢᠨ᠂ ᠦᠨ᠎ᠡ ᠬᠠᠩᠰᠢ ᠨᠢ ᠥᠨᠳᠥᠷ ᠪᠢᠰᠢ᠂ ᠬᠤᠳᠠᠯᠳᠤᠨ ᠠᠪᠤᠭᠴᠢ ᠡᠭᠦᠳᠡ ᠳᠦᠭᠦᠷᠡᠩ᠂ ᠲᠠᠸᠠᠷ ᠤᠨ | ᠪᠣᠷᠣᠯᠠᠭᠤᠯᠭ᠎ᠠ ᠶᠢᠨ ᠬᠥᠭᠵᠢᠶᠡᠨᠲᠡᠶ ᠤᠯᠠᠷᠢᠯ ᠳᠤ ᠨᠢᠬᠡ ᠡᠳᠦᠷ ᠤᠨ ᠡᠵᠡᠩᠨᠡᠯᠲᠡ ᠶᠢᠨ ᠬᠡᠮᠵᠢᠶ᠎ᠡ ᠨᠢ ᠬᠡᠳᠦᠨ ᠠᠷᠪᠠᠨ | ᠲᠦᠮᠡᠨ ᠲᠥᠭᠦᠷᠢᠭ ᠲᠤ ᠬᠦᠷᠴᠦ ᠪᠠᠶᠢᠨ᠎ᠠ᠃ ᠪᠤᠭᠤᠳᠤ ᠬᠤᠳᠠ ᠶᠢᠨ ᠪᠦᠷᠢᠨ ᠪᠠᠷᠠᠭᠠᠳᠤ ᠲᠤᠮᠤ ᠠᠰᠠᠷ ᠨᠢ | ᠠᠵᠢᠯᠲᠠᠨ ᠢᠶᠠᠨ ᠬᠤᠳᠠᠯᠳᠤᠭ᠎ᠠ ᠬᠡᠳᠦᠶ ᠰᠠᠶᠢᠨ ᠪᠤᠯᠬᠤ ᠲᠤᠳᠤᠮ ᠲᠡᠳᠦᠶ ᠰᠠᠶᠢᠨ ᠦᠢᠯᠡᠴᠢᠯᠡᠬᠦ᠂ ᠡᠵᠡᠩᠨᠡᠭᠴᠢ᠂ | ᠪᠠᠷᠠᠭ᠎ᠠ ᠬᠤᠳᠠᠯᠳᠤᠭᠴᠢ ᠨᠢ ᠬᠤᠳᠠᠯᠳᠤᠬᠤ ᠠᠴᠠ ᠡᠮᠦᠨ᠎ᠡ᠂ ᠪᠣᠷᠣᠯᠠᠭᠤᠯᠭ᠎ᠠ ᠶᠢᠨ ᠳᠤᠮᠳᠠ᠂ ᠬᠤᠳᠠᠯᠳᠤᠭᠰᠠᠨ ᠤ | ᠳᠠᠷᠠᠭᠠᠬᠢ ︽ᠭᠤᠷᠪᠠᠨ ᠦᠢᠯᠡᠴᠢᠯᠡᠭᠡ︾ ︵ᠬᠤᠳᠠᠯᠳᠤᠬᠤ ᠠᠴᠠ ᠡᠮᠦᠨ᠎ᠡ ᠬᠤᠳᠠᠯᠳᠤᠨ ᠠᠪᠤᠭᠴᠢ ᠶᠢᠨ ᠰᠠᠶᠢᠨ | ᠵᠥᠪᠯᠡᠭᠴᠢ᠂ ᠬᠤᠳᠠᠯᠳᠤᠬᠤ ᠳᠤᠮᠳᠠ ᠬᠤᠳᠠᠯᠳᠤᠨ ᠠᠪᠤᠭᠴᠢᠳ ᠢ ᠬᠠᠪᠰᠤᠷᠤᠨ ᠲᠠᠸᠠᠷ ᠢᠶᠠᠨ ᠰᠠᠶᠢᠲᠤᠷ ᠰᠣᠩᠭᠤᠵᠤ᠂ | ᠬᠤᠳᠠᠯᠳᠤᠭᠰᠠᠨ ᠤ ᠳᠠᠷᠠᠭ᠎ᠠ ᠬᠤᠳᠠᠯᠳᠤᠨ ᠠᠪᠤᠭᠴᠢᠳ ᠢ ᠬᠠᠪᠰᠤᠷᠤᠨ ᠲᠠᠸᠠᠷ ᠢᠶᠠᠨ ᠰᠠᠶᠢᠲᠤᠷ ᠠᠪᠴᠤ ᠶᠠᠪᠤᠬᠤ︶ | ᠶᠢ ᠪᠡᠶᠡᠯᠡᠬᠦᠯᠵᠤ᠂ ᠬᠥᠭᠰᠢᠨ ᠪᠠᠭᠤᠷᠠᠶ ᠡᠪᠡᠳᠴᠢᠨ ᠲᠠᠢ ᠵᠡᠮᠳᠡᠭ ᠬᠡᠷᠡᠭᠯᠡᠭᠴᠢᠳ ᠢ ᠣᠨᠴᠠᠭᠠᠶᠢᠯᠠᠨ ᠰᠠᠶᠢᠲᠤᠷ | ᠬᠠᠷᠠᠭᠠᠯᠵᠠᠬᠤ ᠬᠡᠷᠡᠭᠲᠡᠶ ᠬᠡᠵᠤ ᠱᠠᠭᠠᠷᠳᠠᠪᠠ᠃ | ᠵᠠᠬ᠎ᠠ ᠳᠡᠯᠭᠡᠭᠦᠷ ᠤᠨ ᠠᠵᠤ ᠠᠬᠤᠢ ᠶᠢᠨ ᠬᠥᠭᠵᠢᠯᠲᠡ ᠶᠢ ᠲᠠᠭᠠᠯᠳᠤᠨ᠂ ᠵᠠᠬ᠎ᠠ ᠳᠡᠯᠭᠡᠭᠦᠷ ᠲᠤ ᠤᠯᠤᠰ ᠤᠨ | ᠡᠵᠡᠩᠨᠡᠯᠲᠡ᠂ ᠬᠠᠮᠲᠤ ᠨᠡᠶᠢᠳᠡ ᠶᠢᠨ᠂ ᠪᠡᠯᠡ ᠨᠡᠶᠢᠯᠡᠭᠦᠯᠦᠭᠰᠡᠨ᠂ ᠦᠢᠯᠡᠳᠪᠦᠷᠢ ᠬᠤᠳᠠᠯᠳᠤᠭᠠᠨ ᠤ ᠬᠤᠪᠢ ᠡᠷᠦᠬᠡ | ᠬᠠᠮᠲᠤ ᠪᠠᠷ ᠢᠯᠡᠷᠡᠵᠦ᠂ ᠬᠤᠳᠠᠯᠳᠤᠭᠠᠨ ᠤ ᠥᠷᠢᠰᠥᠯᠳᠦᠭᠡᠨ ᠨᠡᠩ ᠬᠤᠷᠴᠠ ᠰᠢᠷᠦᠭᠦᠨ ᠪᠣᠯᠪᠠ᠃ | ᠥᠷᠢᠰᠥᠯᠳᠦᠭᠡᠨ ᠤ ᠳᠤᠮᠳᠠ᠂ ᠵᠠᠷᠢᠮ ᠦᠢᠯᠡᠳᠪᠦᠷᠢ ᠬᠠᠭᠤᠷᠮᠠᠭ ᠮᠠᠭᠤ ᠲᠠᠸᠠᠷ ᠦᠢᠯᠡᠳᠴᠦ᠂ ᠵᠠᠷᠢᠮ | ᠬᠤᠳᠠᠯᠳᠤᠭᠠᠴᠢᠨ ᠬᠠᠭᠤᠷᠮᠠᠭ ᠮᠠᠭᠤ ᠲᠠᠸᠠᠷ ᠬᠤᠳᠠᠯᠳᠤᠵᠤ᠂ ᠬᠠᠭᠤᠷᠮᠠᠭ ᠮᠠᠭᠤ ᠲᠠᠸᠠᠷ ᠵᠠᠬ᠎ᠠ ᠳᠡᠯᠭᠡᠭᠦᠷ ᠲᠤ | ᠣᠷᠣᠵᠤ ᠢᠷᠡᠪᠡ᠃ ᠵᠠᠬ᠎ᠠ ᠳᠡᠯᠭᠡᠭᠦᠷ ᠤᠨ ᠡᠶᠢᠮᠦᠷᠬᠦᠦ ᠣᠷᠴᠢᠨ ᠲᠣᠭᠤᠷᠢᠨ ᠤ ᠡᠮᠦᠨ᠎ᠡ᠂ ᠪᠤᠭᠤᠲᠤ ᠬᠤᠲᠠ ᠶᠢᠨ | ᠪᠦᠷᠢᠨ ᠪᠠᠷᠠᠭᠠᠲᠤ ᠲᠣᠮᠣ ᠠᠰᠠᠷ ︽ᠭᠤᠷᠪᠠᠨ ᠪᠣᠭᠤᠮᠲᠠ ᠶᠢ ᠰᠠᠬᠢᠬᠤ︾ ︵ᠪᠠᠷᠠᠭ᠎ᠠ ᠣᠷᠣᠭᠤᠯᠬᠤ ᠪᠣᠭᠤᠮᠲᠠ ᠶᠢ | ᠡᠵᠡᠮᠳᠡᠬᠦ᠂ ᠬᠥᠮᠥᠷᠭᠡ ᠠᠴᠠ ᠭᠠᠷᠭᠠᠬᠤ ᠪᠣᠭᠤᠮᠲᠠ ᠶᠢ ᠡᠵᠡᠮᠳᠡᠬᠦ᠂ ᠪᠣᠷᠣᠯᠠᠭᠤᠯᠭ᠎ᠠ ᠶᠢᠨ ᠪᠣᠭᠤᠮᠲᠠ ᠶᠢ ᠡᠵᠡᠮᠳᠡᠬᠦ︶᠂ | ︽ᠭᠤᠷᠪᠠᠨ ᠥᠯᠥ ᠵᠥᠪᠰᠢᠶᠡᠷᠡᠬᠦ︾ ︵ᠬᠠᠭᠤᠷᠮᠠᠭ ᠮᠠᠭᠤ ᠲᠠᠸᠠᠷ ᠢ ᠬᠤᠳᠠᠯᠳᠤᠨ ᠠᠪᠴᠤ ᠪᠣᠯᠬᠤ ᠥᠬᠡᠶ᠂ | ᠬᠠᠭᠤᠷᠮᠠᠭ ᠮᠠᠭᠤ ᠲᠠᠸᠠᠷ ᠢ ᠬᠥᠮᠥᠷᠭᠡ ᠠᠴᠠ ᠭᠠᠷᠭᠠᠨ ᠬᠤᠷᠭᠤᠨ ᠳᠤ ᠣᠷᠣᠭᠤᠯᠵᠤ ᠪᠣᠯᠬᠤ ᠥᠬᠡᠶ᠂ ᠬᠠᠭᠤᠷᠮᠠᠭ | ᠮᠠᠭᠤ ᠲᠠᠸᠠᠷ ᠢ ᠬᠤᠳᠠᠯᠳᠤᠨ ᠠᠪᠤᠭᠴᠢ ᠳᠤ ᠬᠤᠳᠠᠯᠳᠤᠨ ᠥᠭᠴᠦ ᠪᠣᠯᠬᠤ ᠥᠬᠡᠶ︶᠂ ︽ᠨᠢᠭᠡ ᠰᠢᠶᠳᠬᠡᠯ︾ ︵ | ᠠᠯᠢ ᠭᠤᠭᠴᠤᠭ᠎ᠠ ᠳᠤ ᠬᠡᠰᠡᠨ ᠴᠤ᠂ ᠬᠠᠭᠤᠷᠮᠠᠭ ᠮᠠᠭᠤ ᠲᠠᠸᠠᠷ ᠢᠯᠡᠷᠡᠪᠡᠯ᠂ ᠴᠢᠩᠭ᠎ᠠ ᠰᠢᠢᠳᠬᠡᠨ ᠦᠴᠦᠬᠡᠨ ᠴᠦ | ᠨᠡᠶᠢᠷ ᠲᠠᠯᠪᠢᠬᠤ ᠥᠬᠡᠶ︶᠂ ︽ᠭᠤᠷᠪᠠ ᠶᠢ ᠪᠠᠳᠤᠯᠠᠬᠤ︾ ︵ᠬᠤᠳᠠᠯᠳᠤᠨ ᠭᠠᠷᠭᠠᠭᠰᠠᠨ ᠲᠠᠸᠠᠷ᠂ ᠬᠤᠳᠠᠯᠳᠤᠨ | ᠠᠪᠤᠭᠴᠢ ᠬᠠᠨᠤᠮᠵᠢ ᠥᠬᠡᠶ ᠯᠡ ᠶᠤᠮ ᠪᠣᠯ ᠪᠤᠴᠠᠭᠠᠬᠤ ᠶᠢ ᠪᠠᠲᠤᠯᠠᠵᠤ᠂ ᠰᠣᠯᠢᠬᠤ ᠶᠢ ᠪᠠᠲᠤᠯᠠᠵᠤ᠂ ᠰᠠᠯᠪᠢᠨ ᠵᠠᠰᠠᠵᠤ | ᠦᠭᠬᠦ ᠶᠢ ᠪᠠᠳᠤᠯᠠᠬᠤ︶ ᠵᠡᠷᠬᠡ ᠪᠠᠷᠠᠭ᠎ᠠ ᠬᠤᠳᠠᠯᠳᠤᠬᠤ ᠲᠦᠷᠢᠮ ᠢ ᠲᠤᠬᠳᠠᠭᠠᠪᠠ᠃ ᠲᠠᠸᠠᠷ ᠤᠨ ᠶᠠᠰᠤ ᠴᠢᠨᠠᠷ ᠢ | ᠪᠠᠲᠤᠯᠠᠬᠤ ᠶᠢᠨ ᠲᠥᠯᠥᠭᠡ᠂ ᠪᠤᠭᠤᠲᠤ ᠬᠤᠲᠠ ᠶᠢᠨ ᠪᠦᠷᠢᠨ ᠪᠠᠷᠠᠭᠠᠲᠤ ᠲᠣᠮᠣ ᠠᠰᠠᠷ ᠬᠥᠮᠥᠷᠭᠡᠯᠡᠨ ᠬᠠᠳᠠᠭᠠᠯᠠᠵᠤ | ᠪᠠᠶᠢᠭ᠎ᠠ ᠲᠠᠸᠠᠷ ᠢ ᠵᠢᠯ ᠪᠦᠷᠢ ᠨᠢᠭᠡ ᠤᠳᠠᠭ᠎ᠠ ᠲᠦᠢᠯᠪᠤᠷᠢᠲᠠᠶ ᠴᠡᠪᠡᠷᠯᠡᠵᠦ᠂ ᠬᠡᠷᠡᠭᠯᠡᠵᠤ ᠪᠤᠯᠬᠤ ᠬᠤᠭᠤᠴᠠᠭ᠎ᠠ ᠠᠴᠠ | ᠬᠡᠲᠦᠷᠡᠵᠦ ᠴᠢᠨᠠᠷ ᠬᠤᠪᠢᠷᠬᠠᠰᠠᠨ ᠵᠠᠷᠢᠮ ᠲᠠᠸᠠᠷ ᠢ ᠴᠡᠪᠡᠷᠯᠡᠨ ᠰᠢᠢᠳᠪᠦᠷᠢᠯᠡᠨ᠎ᠠ᠃ ᠪᠤᠭᠤᠲᠤ ᠬᠤᠲᠠ ᠶᠢᠨ ᠪᠦᠷᠢᠨ | ᠪᠠᠷᠠᠭᠠᠲᠤ ᠲᠣᠮᠣ ᠠᠰᠠᠷ ᠲᠤ ᠬᠠᠭᠤᠷᠮᠠᠭ ᠮᠠᠭᠤ ᠲᠠᠸᠠᠷ ᠪᠠᠶᠢᠬᠤ ᠥᠬᠡᠶ ᠭᠡᠳᠡᠭ ᠢ ᠨᠡᠶᠢᠭᠡᠮ ᠨᠡᠶᠢᠲᠡ ᠪᠠᠷ ᠢᠶᠠᠨ | ᠮᠡᠳᠡᠷᠡᠪᠡ᠃ ᠪᠤᠭᠤᠲᠤ ᠬᠤᠲᠠ ᠶᠢᠨ ᠪᠦᠷᠢᠨ ᠪᠠᠷᠠᠭᠠᠲᠤ ᠲᠣᠮᠣ ᠠᠰᠠᠷ ᠪᠣᠯ ᠪᠤᠭᠤᠲᠤ ᠬᠤᠲᠠ ᠶᠢᠨ ᠬᠠᠮᠤᠭ ᠤᠨ | ᠲᠣᠮᠣ ᠤᠯᠤᠰ ᠤᠨ ᠡᠵᠡᠩᠨᠡᠯᠲᠡ ᠶᠢᠨ ᠬᠤᠳᠠᠯᠳᠤᠭᠠᠨ ᠤ ᠵᠢᠵᠢᠭᠯᠡᠨ ᠬᠤᠳᠠᠯᠳᠤᠬᠤ ᠠᠵᠤ ᠠᠬᠤᠶᠢᠯᠠᠯ ᠪᠣᠯᠤᠨ᠎ᠠ᠂ | ᠲᠠᠸᠠᠷ ᠤᠨ ᠡᠵᠡᠩᠨᠡᠯᠲᠡ ᠶᠢᠨ ᠳᠤᠮᠳᠠ ᠮᠠᠰᠢ ᠰᠠᠶᠢᠨ ᠠᠵᠤ ᠠᠬᠤᠶ ᠶᠢᠨ ᠦᠷ᠎ᠡ ᠠᠰᠢᠭ ᠣᠯᠵᠠᠶ᠃ 1999 | ᠣᠨ ᠳᠤ᠂ ᠲᠠᠸᠠᠷ ᠤᠨ ᠪᠣᠷᠣᠯᠠᠭᠤᠯᠭ᠎ᠠ ᠶᠢᠨ ᠬᠡᠮᠵᠢᠶ᠎ᠡ 7598 ᠲᠦᠮᠡᠨ ᠲᠥᠭᠦᠷᠢᠭ ᠲᠤ ᠬᠦᠷᠴᠦ᠂ 344 ᠲᠦᠮᠡᠨ | ᠲᠥᠭᠦᠷᠢᠭ ᠤᠨ ᠠᠰᠢᠭ ᠤᠯᠵᠠᠪᠤᠷᠢ ᠶᠢ ᠪᠡᠶᠡᠯᠡᠭᠦᠯᠪᠡ᠃ |