ᠬᠥᠨᠳᠡᠯᠡᠨ ᠲᠣᠭᠤᠷᠢᠭ ᠠᠷᠠᠳ ᠤᠨ ᠠᠮᠢᠳᠤᠷᠠᠯ ᠤᠨ ᠬᠦᠷᠢᠶᠡᠨ ᠳᠠᠬᠢ ᠬᠢᠨᠠᠯᠲᠠ ᠬᠠᠮᠢᠶᠠᠷᠤᠯᠲᠠ ᠶᠢᠨ ᠬᠠᠤᠯᠢ ᠬᠡᠷᠡᠭᠵᠢᠭᠦᠯᠬᠦ ᠡᠷᠴᠢᠮ ᠢᠶᠠᠨ ᠦᠷᠭᠦᠯᠵᠢᠯᠡᠨ ᠴᠢᠩᠭᠠᠷᠠᠭᠤᠯᠪᠠ
ᠨᠡᠶᠢᠲᠡᠯᠡᠭᠰᠡᠨ ᠴᠠᠭ᠄
2025/1/4
     ᠨᠢᠭᠡ ᠳᠤ᠂ ᠦᠨ᠎ᠡ ᠬᠠᠩᠰᠢ ᠶᠢᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠪᠠ᠃ ᠤᠰᠤ ᠬᠠᠩᠭᠠᠬᠤ ᠴᠠᠬᠢᠯᠭᠠᠨ ᠬᠠᠩᠭᠠᠬᠤ ᠬᠡᠢ ᠬᠠᠩᠭᠠᠬᠤ ᠲᠤᠰᠬᠠᠶ ᠵᠦᠢᠯ ᠤᠨ ᠦᠨ᠎ᠡ ᠬᠠᠩᠰᠢ ᠶᠢᠨ ᠬᠢᠨᠠᠯᠲᠠ ᠲᠠᠯᠪᠢᠵᠤ ᠪᠠᠶᠢᠴᠠᠭᠠᠬᠤ ᠠᠵᠢᠯ ᠢ ᠥᠷᠨᠢᠭᠦᠯᠵᠦ᠂ ᠬᠠᠤᠯᠢ ᠬᠡᠷᠡᠭᠵᠢᠭᠦᠯᠬᠦ ᠠᠵᠢᠯᠲᠠᠨ ᠢ ᠨᠡᠶᠢᠲᠡ 35 ᠬᠦᠮᠦᠨ ᠤᠳᠠᠭ᠎ᠠ ᠬᠥᠳᠡᠯᠭᠡᠵᠦ᠂ ᠪᠦᠬᠦ ᠲᠤᠭᠤᠷᠢᠭ ᠤᠨ ᠬᠡᠪᠴᠢᠶᠡᠨ ᠳᠤ ᠤᠰᠤ ᠬᠠᠩᠭᠠᠬᠤ᠂ ᠴᠠᠬᠢᠯᠭᠠᠨ ᠬᠠᠩᠭᠠᠬᠤ᠂ ᠬᠡᠢ ᠬᠠᠩᠭᠠᠬᠤ 9 ᠠᠵᠤ ᠠᠬᠤᠶᠢᠯᠠᠯ ᠢ ᠪᠠᠶᠢᠴᠠᠭᠠᠪᠠ᠃ ᠠᠵᠤ ᠠᠬᠤᠶᠢᠯᠠᠯ ᠤᠨ ᠬᠢᠨ ᠵᠠᠰᠠᠭ ᠤᠨ ᠣᠷᠳᠣᠨ ᠠᠴᠠ ᠦᠨ᠎ᠡ ᠬᠠᠩᠰᠢ ᠶᠢ ᠲᠣᠭᠲᠠᠭᠠᠬᠤ ᠶᠢ ᠬᠡᠷᠡᠭᠵᠢᠭᠦᠯᠬᠦ ᠶᠢ ᠦᠨᠡᠨ ᠬᠦ ᠪᠠᠲᠤᠯᠠᠵᠤ᠂ ᠦᠨ᠎ᠡ ᠬᠠᠩᠰᠢ ᠶᠢ ᠢᠯᠡ ᠬᠠᠳᠠᠬᠤ ᠲᠦᠷᠢᠮ ᠢ ᠨᠠᠶᠢᠳᠠᠪᠤᠷᠢᠵᠢᠭᠤᠯᠵᠤ᠂ ᠠᠯᠪᠠᠳᠠᠬᠤ ᠪᠤᠶᠤ ᠬᠡᠯᠪᠡᠷᠢ ᠶᠢ ᠨᠢ ᠥᠭᠡᠷᠡᠲᠦᠭᠦᠯᠦᠨ ᠠᠯᠪᠠᠳᠠᠯᠭ᠎ᠠ ᠪᠠᠷ ᠰᠦᠢᠳᠬᠡᠯ ᠬᠤᠷᠢᠶᠠᠬᠤ ᠵᠡᠷᠭᠡ ᠪᠠᠶᠢᠳᠠᠯ ᠠᠴᠠ ᠵᠠᠶᠢᠯᠠᠰᠬᠢᠵᠦ᠂ ᠡᠭᠦᠨ ᠤ ᠤᠯᠠᠮ ᠢᠶᠠᠷ ᠵᠠᠬ᠎ᠠ ᠳᠡᠯᠭᠡᠭᠦᠷ ᠤᠨ ᠡᠮᠬᠢ ᠳᠢᠭᠯᠢᠮ ᠢ ᠵᠢᠷᠤᠮᠵᠢᠭᠤᠯᠪᠠ᠃ ᠡᠮᠴᠢᠯᠡᠭᠡᠨ ᠤ ᠪᠠᠶᠢᠭᠤᠯᠤᠮᠵᠢ ᠶᠢᠨ ᠦᠨ᠎ᠡ ᠬᠠᠩᠰᠢ ᠶᠢ ᠢᠯᠡ ᠬᠠᠳᠠᠬᠤ᠂ ᠡᠮ ᠲᠠᠩ ᠪᠠᠭᠠᠵᠢ ᠬᠡᠷᠡᠭᠰᠡᠯ ᠤᠨ ᠶᠠᠰᠤ ᠴᠢᠨᠠᠷ ᠤᠨ ᠠᠮᠤᠷ ᠲᠦᠪᠰᠢᠨ ᠵᠡᠷᠬᠡ ᠳᠤ ᠲᠤᠰᠬᠠᠶ ᠪᠠᠶᠢᠴᠠᠭᠠᠯᠲᠠ  ᠥᠷᠨᠢᠭᠦᠯᠵᠦ᠂ ᠬᠠᠤᠯᠢ ᠬᠡᠷᠡᠭᠵᠢᠭᠦᠯᠬᠦ ᠠᠵᠢᠯᠲᠠᠨ ᠢ ᠨᠡᠶᠢᠲᠡ 76 ᠬᠥᠮᠦᠨ ᠤᠳᠠᠭ᠎ᠠ ᠬᠥᠳᠡᠯᠭᠡᠵᠦ᠂ 19 ᠡᠮᠴᠢᠯᠡᠭᠡᠨ ᠤ ᠪᠠᠶᠢᠭᠤᠯᠤᠮᠵᠢ ︵ᠤᠳᠠᠭ᠎ᠠ︶ ᠶᠢ ᠰᠤᠭᠤᠴᠢᠨ ᠪᠠᠶᠢᠴᠠᠭᠠᠪᠠ᠃ ᠵᠤᠷᠢᠭᠤᠳᠠ ᠦᠢᠮᠡᠬᠦᠯᠦᠨ ᠦᠨ᠎ᠡ ᠬᠠᠩᠰᠢ ᠶᠢ ᠥᠰᠬᠡᠬᠦ᠂ ᠦᠨ᠎ᠡ ᠬᠠᠩᠰᠢ ᠶᠢᠨ ᠮᠡᠬᠡᠯᠡᠯ ᠵᠡᠷᠭᠡ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠳᠤ ᠭᠤᠣᠯᠳᠠᠯᠭ᠎ᠠ ᠲᠠᠢ ᠴᠣᠬᠢᠯᠲᠠ ᠥᠭᠴᠦ᠂ ᠨᠢᠭᠡ ᠶᠢ ᠢᠯᠡᠷᠡᠭᠦᠯᠪᠡᠯ ᠨᠢᠭᠡ ᠶᠢ ᠪᠠᠶᠢᠴᠠᠭᠠᠨ  ᠰᠢᠢᠳᠪᠦᠷᠢᠯᠡᠵᠤ᠂ ᠡᠮ ᠤᠨ ᠵᠦᠢᠯ ᠤᠨ ᠦᠨ᠎ᠡ ᠬᠠᠩᠰᠢ ᠶᠢᠨ ᠬᠦᠷᠢᠶᠡᠨ ᠳᠠᠬᠢ ᠬᠠᠤᠯᠢ ᠲᠣᠭᠲᠠᠭᠠᠯ ᠠᠴᠠ ᠵᠥᠷᠢᠴᠡᠭᠰᠡᠨ ᠦᠢᠯᠡ ᠠᠵᠢᠯᠯᠠᠭ᠎ᠠ ᠳᠤ ᠪᠦᠲᠦᠮᠵᠢᠲᠡᠶ ᠴᠣᠬᠢᠯᠲᠠ ᠥᠭᠪᠡ᠃ ᠬᠤᠶᠠᠷ ᠲᠤ᠂ ᠰᠦᠯᠵᠢᠶᠡᠨ ᠳᠠᠬᠢ ᠠᠷᠠᠯᠵᠢᠶᠠᠨ ᠤ ᠬᠢᠨᠠᠯᠲᠠ ᠬᠠᠮᠢᠶᠠᠷᠤᠯᠲᠠ ᠶᠢ    ᠴᠢᠩᠭᠠᠳᠬᠠᠪᠠ᠃ ᠪᠥᠬᠦ ᠤᠯᠤᠰ ᠤᠨ ᠰᠦᠯᠵᠢᠶᠡᠨ ᠳᠠᠬᠢ ᠠᠷᠠᠯᠵᠢᠶᠠᠨ ᠤ ᠲᠠᠪᠴᠠᠩ ᠤᠨ ᠬᠢᠨᠠᠯᠲᠠ ᠬᠠᠮᠢᠶᠠᠷᠤᠯᠲᠠ ᠶᠢᠨ ᠦᠢᠯᠡᠴᠢᠯᠡᠬᠡᠨ ᠤ ᠰᠢᠰᠲ᠋ᠧᠮ ᠳᠤ ᠲᠦᠰᠢᠭᠯᠡᠨ᠂ ᠲᠠᠪᠴᠠᠩ ᠤᠨ ᠳᠣᠲᠣᠷᠠᠬᠢ 55 ᠡᠷᠦᠬᠡ ︵ᠤᠳᠠᠭ᠎ᠠ︶ ᠰᠦᠯᠵᠢᠶᠡᠨ ᠥᠷᠲᠡᠭᠡ ᠶᠢ ᠴᠠᠭ ᠲᠤᠬᠠᠶ ᠳᠤᠨᠢ ᠬᠢᠨᠠᠨ ᠰᠢᠨᠵᠢᠪᠡ᠃ ᠲᠠᠪᠤᠨ ᠰᠠᠷ᠎ᠠ ᠶᠢᠨ ᠨᠢᠭᠡᠨ᠂ ᠵᠤᠨ ᠤ ᠠᠮᠠᠷᠠᠯᠲᠠ᠂ ᠲᠠᠪᠤᠨ ᠰᠠᠷ᠎ᠠ ᠶᠢᠨ ᠰᠢᠨ᠎ᠡ ᠶᠢᠨ ᠲᠠᠪᠤᠨ᠂ ᠨᠠᠢᠮᠠᠨ ᠰᠠᠷ᠎ᠠ ᠶᠢᠨ ᠲᠡᠷᠭᠡᠯ ᠪᠠᠶᠠᠷ᠂ ᠤᠯᠤᠰ ᠤᠨ ᠪᠠᠶᠠᠷ ᠵᠡᠷᠭᠡ ᠴᠢᠬᠤᠯᠠ ᠪᠠᠶᠠᠷ ᠳᠤᠷᠠᠰᠬᠠᠯ ᠠᠮᠠᠷᠠᠯᠲᠠ ᠶᠢᠨ ᠡᠳᠦᠷ ᠪᠠ ︽6 ·18︾  ᠂ ︽ᠬᠤᠤᠰ 11︾ ᠪᠠᠷ ᠭᠤᠤᠯᠳᠠᠯᠭ᠎ᠠ ᠪᠣᠯᠭᠠᠵᠤ᠂ ᠰᠦᠯᠵᠢᠶᠡᠨ ᠳᠠᠬᠢ ᠪᠣᠷᠣᠯᠠᠭᠤᠯᠭ᠎ᠠ ᠶᠢ ᠠᠬᠢᠭᠤᠯᠬᠤ ᠠᠵᠢᠯᠯᠠᠭ᠎ᠠ ᠶᠢ ᠵᠢᠷᠤᠮᠵᠢᠭᠤᠯᠪᠠ᠃ ᠢᠨᠲ᠋ᠧᠷ ᠰᠦᠯᠵᠢᠶ᠎ᠡ ᠶᠢᠨ ︽ᠲᠣᠮᠣ ᠳ᠋ᠠᠶᠢᠲ᠋ᠠ ᠶᠢᠨ ᠬᠠᠭᠤᠴᠢᠨ ᠬᠡᠷᠡᠭᠯᠡᠭᠴᠢᠳ ᠢᠶᠠᠨ ᠬᠢᠬᠠᠬᠤ︾ ᠵᠡᠷᠭᠡ ᠠᠵᠢᠯᠯᠠᠭ᠎ᠠ ᠶᠢ ᠬᠤᠷᠢᠭᠯᠠᠵᠤ᠂ ᠬᠡᠷᠡᠭᠯᠡᠭᠴᠢᠳ ᠤᠨ ᠪᠠᠶᠢᠳᠠᠯ ᠢ ᠮᠡᠳᠡᠬᠦ ᠡᠷᠬᠡ ᠪᠠ ᠰᠣᠩᠭᠤᠬᠤ ᠡᠷᠬᠡ ᠶᠢ ᠦᠨᠡᠨᠬᠦ ᠬᠠᠮᠠᠭᠠᠯᠠᠪᠠ᠃ ᠳᠠᠩᠰᠠᠯᠠᠭᠤᠯᠤᠭᠰᠠᠨ ᠦᠭᠡᠶ ᠪᠠᠷ ᠡᠮᠴᠢᠯᠡᠭᠡᠨ ᠤ ᠪᠠᠭᠠᠵᠢ ᠬᠡᠷᠡᠭᠰᠡᠯ ᠢ ᠰᠦᠯᠵᠢᠶ᠎ᠡ ᠪᠠᠷ ᠪᠣᠷᠣᠯᠠᠭᠤᠯᠬᠤ᠂ ᠳᠠᠩᠰᠠᠯᠠᠭᠤᠯᠤᠭᠰᠠᠨ ᠦᠭᠡᠶ ᠪᠤᠶᠤ ᠳᠠᠩᠰᠠᠯᠠᠭᠤᠯᠤᠭᠰᠠᠨ ᠦᠭᠡᠶ ᠡᠮᠴᠢᠯᠡᠭᠡᠨ ᠤ ᠪᠠᠭᠠᠵᠢ ᠬᠡᠷᠡᠭᠰᠡᠯ ᠢ ᠪᠣᠷᠣᠯᠠᠭᠤᠯᠬᠤ ᠵᠡᠷᠭᠡ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠳᠤ ᠴᠢᠩᠭ᠎ᠠ ᠴᠣᠬᠢᠯᠲᠠ ᠥᠭᠴᠦ᠂ ︽ᠡᠮ ᠤᠨ ᠵᠦᠢᠯ᠂ ᠭᠤᠶᠤᠯᠠᠯ ᠤᠨ ᠡᠳ᠋ ᠡᠮᠴᠢᠯᠡᠬᠡᠨ ᠤ ᠪᠠᠭᠠᠵᠢ ᠬᠡᠷᠡᠭᠰᠡᠯ︾ ᠢ ᠡᠵᠡᠩᠨᠡᠵᠦ ᠬᠡᠷᠡᠭᠯᠡᠭᠰᠡᠨ 27 ᠡᠷᠦᠬᠡ ︵ᠤᠳᠠᠭ᠎ᠠ︶ ᠨᠢᠭᠡᠴᠢ ᠶᠢ ᠪᠠᠶᠢᠴᠠᠭᠠᠪᠠ᠃ ᠬᠥᠨᠳᠡᠯᠡᠨ ᠲᠣᠭᠤᠷᠢᠭ ᠤᠨ ᠰᠦᠯᠵᠢᠶᠡᠨ ᠲᠠᠪᠴᠠᠩ ᠤᠨ ᠳᠡᠯᠭᠡᠭᠦᠷ 129᠂ ᠥᠪᠡᠰᠦᠪᠡᠨ ᠪᠠᠶᠢᠭᠤᠯᠤᠭᠰᠠᠨ ᠡᠵᠡᠩᠨᠡᠯᠲᠡ ᠶᠢᠨ ᠴᠢᠨᠠᠷᠲᠠᠶ ᠰᠦᠯᠵᠢᠶᠡᠨ ᠥᠷᠲᠡᠭᠡ 35᠂ ᠥᠪᠡᠰᠦᠪᠡᠨ ᠪᠠᠶᠢᠭᠤᠯᠤᠭᠰᠠᠨ ᠠᠷᠠᠯᠵᠢᠶᠠᠨ ᠤ ᠪᠤᠰᠤ ᠰᠦᠯᠵᠢᠶᠡᠨ ᠥᠷᠲᠡᠭᠡ 788 ᠪᠤᠢ᠂ ᠲᠤᠰ ᠤᠳᠠᠭ᠎ᠠ ᠶᠢᠨ    ᠪᠠᠶᠢᠴᠠᠭᠠᠯᠲᠠ ᠳᠤ ᠰᠦᠯᠵᠢᠶᠡᠨ ᠥᠷᠲᠡᠭᠡ ᠶᠢ ᠨᠠᠶᠢᠳᠠ 1036 ᠤᠳᠠᠭ᠎ᠠ ᠭᠦᠶᠦᠯᠭᠡᠨ ᠦᠵᠡᠵᠦ᠂ 28 ᠬᠤᠪᠢ ᠰᠦᠪᠡᠭᠴᠢ ᠶᠢ  ᠰᠢᠢᠳᠪᠦᠷᠢᠯᠡᠵᠤ᠂ 532 ᠬᠤᠪᠢ ᠬᠦᠴᠦᠨ ᠥᠬᠡᠶ ᠰᠦᠯᠵᠢᠶᠡᠨ ᠥᠷᠲᠡᠭᠡ ᠶᠢ ᠬᠠᠰᠤᠵᠤ ᠴᠡᠪᠡᠷᠯᠡᠪᠡ᠃ ᠭᠤᠷᠪᠠ ᠳᠤ᠂ ᠵᠠᠷ ᠮᠡᠳᠡᠭᠡ ᠶᠢᠨ ᠬᠢᠨᠠᠯᠲᠠ ᠬᠠᠮᠢᠶᠠᠷᠤᠯᠲᠠ ᠶᠢ ᠠᠬᠢᠭᠤᠯᠪᠠ᠃ ᠵᠠᠷ ᠮᠡᠳᠡᠭᠡ ᠶᠢᠨ ᠤᠳᠤᠷᠢᠳᠤᠮᠵᠢ ᠪᠠ ᠠᠷᠠᠳ ᠤᠨ ᠠᠮᠢᠳᠤᠷᠠᠯ ᠤᠨ ᠬᠦᠷᠢᠶᠡᠨ ᠳᠠᠬᠢ ᠬᠠᠤᠯᠢ ᠬᠡᠷᠡᠭᠵᠢᠭᠦᠯᠬᠦ ᠬᠢᠨᠠᠯᠲᠠ ᠬᠠᠮᠢᠶᠠᠷᠤᠯᠲᠠ ᠶᠢ ᠴᠢᠩᠭᠠᠳᠬᠠᠵᠤ᠂ ᠭᠤᠤᠯ ᠰᠡᠳᠦᠪᠲᠦ ᠬᠥᠮᠦᠵᠢᠯ ᠢ ᠠᠰᠢᠭᠯᠠ ᠵᠣᠬᠢᠰ ᠥᠬᠡᠶ ᠬᠤᠳᠠᠯᠳᠤᠭ᠎ᠠ ᠡᠵᠡᠩᠨᠡᠬᠦ ᠠᠵᠢᠯᠯᠠᠭ᠎ᠠ ᠬᠢᠬᠦ ᠶᠢ ᠬᠦᠴᠦᠲᠡᠶ ᠰᠡᠷᠭᠡᠶᠢᠯᠡᠨ ᠬᠤᠷᠢᠭᠯᠠᠵᠤ᠂ ᠡᠷᠡᠭᠦᠯ ᠪᠥᠭᠡᠳ ᠡᠮᠬᠢ ᠵᠢᠷᠤᠮ ᠲᠠᠢ ᠵᠠᠷ ᠮᠡᠳᠡᠭᠡ ᠶᠢᠨ ᠵᠠᠬ᠎ᠠ ᠳᠡᠯᠭᠡᠭᠦᠷ ᠤᠨ ᠣᠷᠴᠢᠨ ᠲᠣᠭᠤᠷᠢᠨ ᠢ ᠪᠣᠶ ᠪᠣᠯᠭᠠᠪᠠ᠃ ᠳᠥᠷᠪᠡ ᠳᠤ᠂ ᠬᠡᠮᠵᠢᠯᠲᠡ ᠶᠢᠨ ᠪᠠᠭᠠᠵᠢ ᠬᠡᠷᠡᠭᠰᠡᠯ ᠤᠨ ᠬᠢᠨᠠᠯᠲᠠ ᠬᠠᠮᠢᠶᠠᠷᠤᠯᠲᠠ ᠶᠢᠨ ᠦᠢᠯᠡᠴᠢᠯᠡᠭᠡ ᠶᠢ ᠰᠢᠯᠢᠳᠡᠭᠵᠢᠭᠦᠯᠪᠠ᠃ ᠡᠯᠧᠺᠲᠷᠣᠨ ᠦᠨ᠎ᠡ ᠪᠤᠳᠤᠬᠤ ᠵᠢᠩᠯᠡᠭᠦᠷ᠂ ᠲᠣᠰᠣ ᠨᠡᠮᠡᠬᠦ ᠮᠠᠰᠢᠨ ᠵᠡᠷᠬᠡ ᠪᠠᠷ ᠭᠤᠤᠯ ᠪᠣᠯᠭᠠᠨ᠂ ᠠᠷᠠᠳ ᠤᠨ ᠠᠮᠢᠳᠤᠷᠠᠯ ᠤᠨ ᠲᠤᠮᠳᠠᠬᠢ ᠬᠡᠮᠵᠢᠯᠲᠡ ᠶᠢᠨ   ᠪᠠᠭᠠᠵᠢ ᠬᠡᠷᠡᠭᠰᠡᠯ ᠤᠨ ᠬᠢᠨᠠᠯᠲᠠ ᠪᠠᠶᠢᠴᠠᠭᠠᠯᠲᠠ ᠶᠢ ᠴᠢᠩᠭᠠᠳᠬᠠᠵᠤ᠂ ᠶᠠᠨ ᠵᠢᠩ ︵ᠰᠢᠤᠸᠠᠢ ᠯᠦ︶  ᠬᠤᠪᠢᠴᠠᠭᠠᠲᠦ ᠬᠢᠵᠠᠭᠠᠷᠲᠤ ᠺᠣᠮᠫᠠᠨᠢ᠂ ᠬᠤᠸᠠ ᠯᠢᠶᠠᠨ ᠬᠠᠮ ᠳᠡᠯᠭᠡᠭᠦᠷ ᠵᠡᠷᠭᠡ 10 ᠨᠢᠭᠡᠴᠢ ᠥᠪᠥᠷ ᠮᠣᠩᠭᠤᠯ ᠤᠨ ᠦᠨᠡᠨᠴᠢ ᠢᠲᠡᠭᠡᠮᠵᠢ ᠲᠠᠢ ᠬᠡᠮᠵᠢᠯᠲᠡ ᠶᠢᠨ ᠨᠢᠬᠡᠴᠢ ᠪᠠᠷ ᠦᠨᠡᠯᠡᠭᠳᠡᠵᠦ᠂ 36 ᠲᠣᠰᠣ ᠨᠡᠮᠡᠬᠦ ᠥᠷᠲᠡᠭᠡ ᠳᠤ ᠲᠣᠰᠣ ᠨᠡᠮᠡᠬᠦ ᠥᠷᠲᠡᠭᠡ ᠳᠤ ᠬᠡᠮᠵᠢᠯᠲᠡ ᠶᠢᠨ ᠲᠤᠬᠠᠢ ᠦᠨᠡᠨᠴᠢ ᠢᠲᠡᠭᠡᠮᠵᠢ ᠶᠢ ᠥᠪᠡᠷ ᠲᠡᠭᠡᠨ ᠠᠮᠠᠯᠳᠠᠬᠤ ᠶᠢ ᠨᠡᠶᠢᠳᠡᠮ ᠬᠡᠷᠡᠭᠵᠢᠭᠦᠯᠪᠡ᠃ ︵ᠵᠠᠬ᠎ᠠ ᠳᠡᠯᠭᠡᠭᠦᠷ ᠤᠨ ᠬᠢᠨᠠᠯᠳᠠ ᠬᠠᠮᠢᠶᠠᠷᠤᠯᠳᠠ ᠶᠢᠨ ᠲᠣᠪᠴᠢᠶ᠎ᠠ︶᠃
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号