︽ᠬᠥᠮᠥᠨ ᠠᠮᠠ ᠶᠢᠨ ᠲᠥᠪᠯᠡᠷᠡᠯ ᠢ ᠠᠬᠢᠭᠤᠯᠵᠤ ᠬᠥᠮᠥᠨ ᠠᠮᠠ ᠶᠢᠨ ᠴᠢᠨᠠᠷᠵᠢᠭᠤᠨ ᠬᠥᠭᠵᠢᠯᠲᠡ ᠶᠢ | ᠠᠬᠢᠭᠤᠯᠬᠤ ᠲᠤᠬᠠᠢ ᠬᠥᠬᠡᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠬᠡᠷᠡᠭᠵᠢᠭᠦᠯᠬᠦ ᠰᠠᠨᠠᠯ︾ ︵ᠬᠥᠬᠡᠬᠤᠲᠠ | ᠵᠠᠰᠠᠭ ᠲᠠᠷᠬᠠᠭᠠᠭᠰᠠᠨ ︹2025︺ 7 ᠳ᠋ᠤᠭᠠᠷ ᠲᠣᠭᠠᠲᠤ︶ ᠪᠢᠴᠢᠭ ᠮᠠᠲ᠋ᠧᠷᠢᠶᠠᠯ ᠤᠨ ᠵᠣᠷᠢᠭ ᠰᠠᠨᠠᠭ᠎ᠠ ᠶᠢ | ᠦᠨᠳᠦᠰᠦᠯᠡᠪᠡᠰᠦ᠂ ᠬᠡᠦᠬᠡᠳ ᠪᠤᠶᠢᠵᠢᠭᠤᠯᠬᠤ ᠨᠡᠮᠡᠭᠦᠷᠢ ᠣᠯᠭᠤᠬᠤ ᠳᠤ ᠬᠡᠷᠡᠭᠵᠢᠭᠦᠯᠬᠦ ᠨᠠᠷᠢᠨ ᠳᠦᠷᠢᠮ ᠨᠢ ᠳᠣᠣᠷᠠᠬᠢ | ᠮᠡᠲᠦ᠄ | ᠨᠢᠭᠡ᠂ ᠬᠢᠷᠢ ᠬᠡᠮ ᠢ ᠨᠢ ᠮᠠᠭᠠᠳᠯᠠᠨ ᠲᠣᠭᠲᠠᠭᠠᠬᠤ | ︵ᠨᠢᠭᠡ︶ ᠨᠡᠮᠡᠭᠦᠷᠢ ᠣᠯᠭᠤᠬᠤ ᠨᠥᠬᠦᠴᠡᠯ | 1. ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠮᠥᠨ ᠠᠮᠠ ᠬᠢᠭᠡᠳ ᠲᠥᠯᠥᠪᠯᠡᠭᠡᠲᠦ | ᠦᠷᠡᠵᠢᠯ ᠤᠨ ᠳᠦᠷᠢᠮ︾ ᠤᠨ ᠲᠣᠭᠲᠠᠭᠠᠯ ᠳᠤ ᠨᠡᠶᠢᠴᠡᠭᠦᠯᠵᠦ ᠬᠡᠦᠬᠡᠳ ᠲᠥᠷᠥᠭᠰᠡᠨ︔ | 2. 2025 ᠣᠨ ᠤ 3 ᠳ᠋ᠤᠭᠠᠷ ᠰᠠᠷ᠎ᠠ ᠶᠢᠨ 1 ᠤ ᠡᠳᠦᠷ ᠠᠴᠠ ᠰᠡᠭᠦᠯᠡᠷ ︵3 ᠳ᠋ᠤᠭᠠᠷ ᠰᠠᠷ᠎ᠠ ᠶᠢᠨ 1 ᠤ | ᠡᠳᠦᠷ ᠢ ᠪᠠᠭᠲᠠᠭᠠᠨ᠎ᠠ︶ ᠬᠠᠤᠯᠢ ᠶᠣᠰᠣᠭᠠᠷ ᠬᠡᠦᠬᠡᠳ ᠲᠥᠷᠥᠭᠰᠡᠨ ᠭᠡᠷ ᠪᠦᠯᠢ︔ | 3. ᠡᠷ᠎ᠡ ᠡᠮ᠎ᠡ ᠬᠤᠶᠠᠭᠤᠯᠠ ᠶᠢᠨ ᠡᠷᠦᠬᠡ ᠠᠮᠠ ᠶᠢᠨ ᠳᠠᠩᠰᠠᠨ ᠤ ᠪᠠᠶᠢᠭ᠎ᠠ ᠭᠠᠵᠠᠷ ᠨᠢ ᠴᠥᠮ ᠬᠥᠬᠡᠬᠤᠲᠠ | ᠪᠤᠶᠤ ᠨᠢᠭᠡ ᠡᠲᠡᠭᠡᠳ ᠤᠨ ᠡᠷᠦᠬᠡ ᠠᠮᠠ ᠶᠢᠨ ᠳᠠᠩᠰᠠᠨ ᠤ ᠪᠠᠶᠢᠭ᠎ᠠ ᠭᠠᠵᠠᠷ ᠨᠢ ᠬᠥᠬᠡᠬᠤᠲᠠ ᠪᠣᠯᠬᠤ᠂ | ᠬᠥᠬᠡᠬᠤᠲᠠ ᠳᠤ ᠰᠠᠭᠤᠷᠢᠰᠢᠵᠤ ᠠᠵᠢᠯᠯᠠᠵᠤ ᠠᠮᠢᠳᠤᠷᠠᠵᠤ ᠪᠠᠶᠢᠭ᠎ᠠ᠂ ᠬᠥᠮᠥᠨ᠂ ᠭᠡᠷ ᠪᠠᠶᠢᠰᠢᠩ᠂ ᠡᠷᠦᠬᠡ ᠨᠢ | ᠨᠢᠭᠡᠳᠦᠯᠲᠡᠢ ᠪᠠᠶᠢᠬᠤ ᠮᠥᠷᠲᠡᠭᠡᠨ ᠰᠠᠶ᠋ᠢ ᠲᠥᠷᠥᠭᠰᠡᠨ ᠬᠡᠦᠬᠡᠳ ᠤᠨ ᠡᠷᠦᠬᠡ ᠠᠮᠠ ᠶᠢᠨ ᠳᠠᠩᠰᠠ ᠶᠢ ᠨᠢ ᠲᠡᠷᠢᠭᠦᠨ | ᠤᠳᠠᠭ᠎ᠠ ᠬᠥᠬᠡᠬᠤᠲᠠ ᠳᠤ ᠣᠷᠣᠭᠤᠯᠤᠭᠰᠠᠨ᠃ | ︵ᠬᠤᠶᠠᠷ︶ ᠬᠡᠦᠬᠡᠳ ᠤᠳ ᠤᠨ ᠨᠡᠮᠡᠭᠦᠷᠢ ᠶᠢ ᠪᠣᠳᠣᠬᠤ ᠪᠠᠷᠢᠮᠵᠢᠶ᠎ᠠ | ᠤᠤᠭᠠᠨ ᠬᠡᠦᠬᠡᠳ ᠢᠶᠠᠨ ᠲᠥᠷᠥᠬᠦ ᠳᠤ ᠢᠬᠡᠷ᠎ᠡ ᠠᠴᠠ ᠢᠯᠡᠭᠦᠦ ᠣᠯᠠᠨ ᠬᠡᠦᠬᠡᠳ ᠲᠥᠷᠥᠭᠰᠡᠨ ᠪᠠᠶᠢᠪᠠᠯ᠂ | ᠰᠠᠶ᠋ᠢ ᠲᠥᠷᠥᠭᠰᠡᠨ ᠬᠡᠦᠬᠡᠳ ᠢ ᠨᠢ ᠬᠡᠦᠬᠡᠳ ᠤᠨ ᠲᠥᠷᠥᠵᠦ ᠭᠠᠷᠤᠭᠰᠠᠨ ᠳᠠᠷᠠᠭᠠᠯᠠᠯ ᠢᠶᠠᠷ ᠤᠤᠭᠠᠨ ᠬᠡᠦᠬᠡᠳ᠂ | ᠬᠤᠶᠠᠲᠠᠬᠢ ᠬᠡᠦᠬᠡᠳ᠂ ᠭᠤᠷᠪᠠᠳᠠᠬᠢ ᠬᠡᠦᠬᠡᠳ ᠪᠤᠶᠢᠵᠢᠭᠤᠯᠤᠭᠰᠠᠨ ᠢᠶᠠᠷ ᠨᠡᠮᠡᠭᠦᠷᠢ ᠬᠦᠷᠲᠡᠨ᠎ᠡ᠂ ᠢᠬᠡᠷ᠎ᠡ ᠪᠠᠷ | ᠲᠥᠷᠥᠬᠦ ᠳᠤ ᠭᠤᠷᠪᠠ ᠠᠴᠠ ᠢᠯᠡᠭᠦᠦ ᠲᠥᠷᠥᠭᠰᠡᠨ ᠪᠠᠶᠢᠪᠠᠯ ᠴᠥᠮ ᠭᠤᠷᠪᠠᠨ ᠬᠡᠦᠬᠡᠳ ᠤᠨ ᠪᠠᠷᠢᠮᠵᠢᠶ᠎ᠠ ᠪᠠᠷ ᠲᠣᠰ | ᠲᠣᠰ ᠨᠡᠮᠡᠭᠦᠷᠢ ᠬᠦᠷᠲᠡᠨ᠎ᠡ︔ ᠨᠢᠭᠡᠨᠲᠡ ᠨᠢᠭᠡ ᠬᠡᠦᠬᠡᠳ ᠲᠠᠢ ᠪᠠᠶᠢᠵᠤ ᠳᠠᠬᠢᠨᠲᠠ ᠲᠥᠷᠥᠬᠦ ᠳᠤ ᠢᠬᠡᠷ᠎ᠡ ᠠᠴᠠ | ᠢᠯᠡᠭᠦᠦ ᠣᠯᠠᠨ ᠬᠡᠦᠬᠡᠳ ᠲᠥᠷᠥᠭᠰᠡᠨ ᠪᠠᠶᠢᠪᠠᠯ᠂ ᠰᠠᠶ᠋ᠢ ᠲᠥᠷᠥᠭᠰᠡᠨ ᠬᠡᠦᠬᠡᠳ ᠢ ᠨᠢ ᠬᠡᠦᠬᠡᠳ ᠤᠨ ᠲᠥᠷᠥᠵᠦ | ᠭᠠᠷᠤᠭᠰᠠᠨ ᠳᠠᠷᠠᠭᠠᠯᠠᠯ ᠢᠶᠠᠷ ᠬᠤᠶᠠᠳᠠᠬᠢ ᠬᠡᠦᠬᠡᠳ᠂ ᠭᠤᠷᠪᠠᠳᠠᠬᠢ ᠬᠡᠦᠬᠡᠳ ᠪᠤᠶᠢᠵᠢᠭᠤᠯᠤᠭᠰᠠᠨ ᠢᠶᠠᠷ ᠨᠡᠮᠡᠭᠦᠷᠢ | ᠬᠦᠷᠲᠡᠵᠦ᠂ ᠢᠬᠡᠷ᠎ᠡ ᠪᠠᠷ ᠲᠥᠷᠥᠬᠦ ᠳᠤ ᠬᠤᠶᠠᠷ ᠠᠴᠠ ᠢᠯᠡᠭᠦᠦ ᠲᠥᠷᠥᠭᠰᠡᠨ ᠪᠠᠶᠢᠪᠠᠯ ᠴᠥᠮ ᠭᠤᠷᠪᠠᠨ | ᠬᠡᠦᠬᠡᠳ ᠤᠨ ᠪᠠᠷᠢᠮᠵᠢᠶ᠎ᠠ ᠪᠠᠷ ᠲᠣᠰ ᠲᠣᠰ ᠨᠡᠮᠡᠭᠦᠷᠢ ᠭᠥᠷᠳᠡᠵᠦ ᠪᠣᠯᠣᠨ᠎ᠠ︔ ᠨᠢᠭᠡᠨᠲᠡ ᠬᠤᠶᠠᠷ ᠬᠡᠦᠬᠡᠳ ᠲᠠᠢ | ᠪᠠᠶᠢᠵᠤ ᠳᠠᠬᠢᠨᠲᠠ ᠲᠥᠷᠬᠦ ᠳᠤ ᠢᠬᠡᠷ᠎ᠡ ᠠᠴᠠ ᠣᠯᠠᠨ ᠬᠡᠦᠬᠡᠳ ᠲᠥᠷᠥᠭᠰᠡᠨ ᠪᠠᠶᠢᠪᠠᠯ᠂ ᠰᠠᠶ᠋ᠢ ᠲᠥᠷᠥᠭᠰᠡᠨ | ᠬᠡᠦᠬᠡᠳ ᠨᠢ ᠴᠥᠮ ᠭᠤᠷᠪᠠᠨ ᠬᠡᠦᠬᠡᠳ ᠤᠨ ᠪᠠᠷᠢᠮᠵᠢᠶ᠎ᠠ ᠪᠠᠷ ᠬᠡᠦᠬᠡᠳ ᠪᠤᠶᠢᠵᠢᠭᠤᠯᠬᠤ ᠨᠡᠮᠡᠭᠦᠷᠢ ᠶᠢ ᠲᠣᠰ ᠲᠣᠰ | ᠬᠦᠷᠲᠡᠵᠦ ᠪᠣᠯᠣᠨ᠎ᠠ᠃ | 2. ᠬᠡᠦᠬᠡᠳ ᠤᠳ ᠢᠶᠠᠨ ᠡᠷ᠎ᠡ ᠡᠮ᠎ᠡ ︵ᠣᠷᠤᠭ ᠰᠡᠷᠭᠦᠭᠡᠭᠰᠡᠨ ᠢ ᠪᠠᠭᠲᠠᠭᠠᠨ᠎ᠠ︶ ᠬᠤᠶᠠᠭᠤᠯᠠ ᠥᠪᠡᠷ ᠤᠨ | ᠬᠢᠨᠢ ᠲᠥᠷᠥᠭᠰᠡᠨ᠂ ᠬᠠᠤᠯᠢ ᠶᠣᠰᠣ ᠪᠠᠷ ᠡᠷᠭᠦᠨ ᠲᠡᠵᠢᠭᠡᠭᠰᠡᠨ ᠬᠡᠦᠬᠡᠳ ᠤᠨ ᠲᠤᠭ᠎ᠠ ᠯᠤᠭ᠎ᠠ ᠨᠡᠶᠢᠯᠡᠭᠦᠯᠦᠨ | ᠪᠤᠳᠤᠨ᠎ᠠ᠂ ᠭᠡᠪᠡᠴᠦ ᠳᠣᠣᠷᠠᠬᠢ ᠪᠠᠶᠢᠳᠠᠯ ᠢ ᠴᠥᠮ ᠦᠷ᠎ᠡ ᠬᠡᠦᠬᠡᠳ ᠤᠨ ᠬᠢᠨᠢ ᠲᠣᠭᠠᠨ ᠳᠤ ᠪᠤᠳᠤᠵᠤ ᠣᠷᠣᠭᠤᠯᠬᠤ | ᠦᠭᠡᠢ᠄ | ︵1︶ ᠳᠠᠬᠢᠨᠲᠠ ᠤᠷᠤᠭᠯᠠᠭᠰᠠᠨ ᠡᠷ᠎ᠡ ᠡᠮ᠎ᠡ ᠬᠤᠶᠠᠭᠤᠯᠠ ᠶᠢᠨ ᠳᠠᠬᠢᠨᠲᠠ ᠤᠷᠤᠭᠯᠠᠬᠤ ᠠᠴᠠ ᠡᠮᠦᠨ᠎ᠡ | ᠲᠥᠷᠥᠭᠰᠡᠨ ᠦᠷ᠎ᠡ ᠬᠡᠦᠬᠡᠳ︔ | ︵2︶ ᠣᠷᠤᠭ ᠤᠨ ᠬᠡᠪ ᠢᠶᠠᠷ ᠪᠠᠶᠢᠭ᠎ᠠ ᠬᠤᠭᠤᠴᠠᠭᠠᠨ ᠳᠤ ᠬᠠᠨᠢ ᠢᠵᠢᠯᠢ ᠠᠴᠠ ᠪᠠᠨ ᠪᠤᠰᠤᠳ | ᠬᠥᠮᠥᠨ ᠯᠦᠭᠡ ᠲᠥᠷᠥᠭᠰᠡᠨ ᠦᠷ᠎ᠡ ᠬᠡᠦᠬᠡᠳ᠃ | ᠬᠤᠶᠠᠷ᠂ ᠨᠡᠮᠡᠭᠦᠷᠢ ᠣᠯᠭᠤᠬᠤ ᠪᠠᠷᠢᠮᠵᠢᠶ᠎ᠠ | ︵ᠨᠢᠭᠡ︶ ᠨᠡᠮᠡᠭᠦᠷᠢ ᠣᠯᠭᠤᠬᠤ ᠪᠡᠯᠡ ᠮᠥᠩᠭᠦᠨ ᠤ ᠲᠤᠭ᠎ᠠ ᠵᠢᠴᠢ ᠦᠶᠡᠯᠡᠯ | 1. ᠨᠢᠭᠡ ᠬᠡᠦᠬᠡᠳ ᠲᠥᠷᠥᠭᠰᠡᠨ ᠪᠠᠶᠢᠪᠠᠯ ᠨᠢᠭᠡ ᠯᠡ ᠤᠳᠠᠭ᠎ᠠ ᠳᠤ 10000 ᠲᠥᠭᠦᠷᠢᠭ ᠤᠨ ᠬᠡᠦᠬᠡᠳ | ᠪᠤᠶᠢᠵᠢᠭᠤᠯᠬᠤ ᠨᠡᠮᠡᠭᠦᠷᠢ ᠣᠯᠭᠤᠨ᠎ᠠ︔ | 2. ᠬᠤᠶᠠᠷ ᠬᠡᠦᠬᠡᠳ ᠲᠥᠷᠥᠭᠰᠡᠨ ᠪᠠᠶᠢᠪᠠᠯ 50000 ᠲᠥᠭᠦᠷᠢᠭ ᠤᠨ ᠬᠡᠦᠬᠡᠳ ᠪᠤᠶᠢᠵᠢᠭᠤᠯᠬᠤ | ᠨᠡᠮᠡᠭᠦᠷᠢ ᠶᠢ ᠵᠢᠯ ᠪᠦᠷᠢ 10000 ᠲᠥᠭᠦᠷᠢᠭ ᠢᠶᠠᠷ ᠬᠡᠦᠬᠡᠳ ᠨᠢ ᠪᠦᠬᠦᠯᠢ 5 ᠨᠠᠰᠤ ᠪᠣᠯᠲᠠᠯ᠎ᠠ ᠣᠯᠭᠤᠨ᠎ᠠ︔ | 3. ᠭᠤᠷᠪᠠ ᠵᠢᠴᠢ ᠭᠤᠷᠪᠠ ᠠᠴᠠ ᠢᠯᠡᠭᠦᠦ ᠬᠡᠦᠬᠡᠳ ᠲᠥᠷᠥᠭᠰᠡᠨ ᠪᠠᠶᠢᠪᠠᠯ 100000 ᠲᠥᠭᠦᠷᠢᠭ ᠤᠨ | ᠬᠡᠦᠬᠡᠳ ᠪᠤᠶᠢᠵᠢᠭᠤᠯᠬᠤ ᠨᠡᠮᠡᠭᠦᠷᠢ ᠶᠢ ᠵᠢᠯ ᠪᠦᠷᠢ 10000 ᠲᠥᠭᠦᠷᠢᠭ ᠢᠶᠠᠷ ᠬᠡᠦᠬᠡᠳ ᠨᠢ ᠪᠦᠬᠦᠯᠢ 10 ᠨᠠᠰᠤ | ᠪᠣᠯᠲᠠᠯ᠎ᠠ ᠣᠯᠭᠤᠨ᠎ᠠ᠃ | ︵ᠬᠤᠶᠠᠷ︶ ᠨᠡᠮᠡᠭᠦᠷᠢ ᠶᠢ ᠪᠣᠳᠣᠵᠤ ᠣᠯᠭᠤᠬᠤ ᠴᠠᠭ ᠢ ᠨᠢ ᠨᠤᠲᠠᠯᠠᠨ ᠲᠣᠭᠲᠠᠭᠠᠬᠤ | 1. ᠬᠡᠦᠬᠡᠳ ᠲᠥᠷᠥᠭᠰᠡᠨ ᠤ ᠳᠠᠷᠠᠭ᠎ᠠ᠂ ᠬᠡᠦᠬᠡᠳ ᠤᠨ ᠡᠷᠦᠬᠡ ᠠᠮᠠ ᠶᠢᠨ ᠳᠠᠩᠰᠠ ᠶᠢ ᠨᠢ ᠲᠡᠷᠢᠭᠦᠨ ᠤᠳᠠᠭ᠎ᠠ | ᠣᠷᠣᠭᠤᠯᠤᠭᠰᠠᠨ ᠭᠠᠵᠠᠷ ᠨᠢ ᠬᠥᠬᠡᠬᠤᠲᠠ ᠪᠠᠶᠢᠪᠠᠯ᠂ ᠲᠥᠷᠥᠭᠰᠡᠨ ᠣᠨ ᠢᠶᠠᠷ ᠨᠢ ᠬᠡᠦᠬᠡᠳ ᠪᠤᠶᠢᠵᠢᠭᠤᠯᠬᠤ ᠨᠡᠮᠡᠭᠦᠷᠢ | ᠪᠣᠳᠣᠵᠤ ᠣᠯᠭᠤᠨ᠎ᠠ︔ | 2. ᠬᠡᠦᠬᠡᠳ ᠨᠢ ᠦᠬᠦᠭᠰᠡᠨ ᠪᠤᠶᠤ ᠡᠷᠦᠬᠡ ᠠᠮᠠ ᠶᠢᠨ ᠲᠠᠩᠰᠠ ᠶᠢ ᠨᠢ ᠬᠥᠬᠡᠬᠤᠲᠠ ᠠᠴᠠ ᠰᠢᠯᠵᠢᠭᠦᠯᠦᠭᠰᠡᠨ | ᠪᠠᠶᠢᠪᠠᠯ᠂ ᠳᠠᠷᠠᠭ᠎ᠠ ᠵᠢᠯ ᠳᠤ ᠨᠢ ᠬᠡᠦᠬᠡᠳ ᠪᠤᠶᠢᠵᠢᠭᠤᠯᠬᠤ ᠨᠡᠮᠡᠭᠦᠷᠢ ᠣᠯᠭᠤᠬᠤ ᠶᠢ ᠵᠣᠭᠰᠣᠭᠠᠨ᠎ᠠ᠃ | ︵ᠭᠤᠷᠪᠠ︶ ᠳᠣᠣᠷᠠᠬᠢ ᠪᠠᠶᠢᠳᠠᠯ ᠳᠤ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠦᠷᠡᠵᠢᠯ ᠢ ᠳᠡᠮᠵᠢᠬᠦ ᠲᠥᠷᠥ ᠶᠢᠨ ᠪᠣᠳᠣᠯᠭ᠎ᠠ ᠶᠢᠨ ᠲᠣᠭᠲᠠᠯᠴᠠᠭ᠎ᠠ ᠶᠢ ᠲᠦᠷᠭᠡᠳᠬᠡᠨ ᠲᠡᠭᠦᠯᠳᠡᠷᠵᠢᠭᠦᠯᠵᠦ | ᠦᠷᠡᠵᠢᠯ ᠳᠤ ᠨᠥᠬᠦᠷᠰᠡᠭ ᠨᠡᠶᠢᠭᠡᠮ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠬᠤ ᠶᠢᠨ ᠬᠡᠷᠡᠭᠵᠢᠭᠦᠯᠬᠦ ᠲᠥᠰᠥᠯ ᠢ | ᠳᠠᠷᠤᠮᠠᠯᠯᠠᠨ ᠶᠠᠪᠤᠭᠤᠯᠬᠤ ᠲᠤᠬᠠᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ | ᠣᠷᠳᠣᠨ ᠤ ᠠᠯᠪᠠᠨ ᠲᠢᠩᠬᠢᠮ ᠤᠨ ᠮᠡᠳᠡᠭᠳᠡᠯ︾ ︵ᠥᠪᠥᠷ ᠵᠠᠰᠠᠭ ᠠᠯᠪᠠᠨ ᠲᠠᠷᠬᠠᠭᠠᠭᠰᠠᠨ ︹2025︺ 6 | ᠳ᠋ᠤᠭᠠᠷ ᠲᠣᠭᠠᠲᠤ︶ ᠤᠨ ᠲᠣᠭᠲᠠᠭᠠᠯ ᠤᠨ ᠪᠠᠷᠢᠮᠵᠢᠶ᠎ᠠ ᠶᠣᠰᠣᠭᠠᠷ ᠨᠡᠮᠡᠭᠦᠷᠢ ᠭᠥᠷᠳᠡᠨ᠎ᠡ᠄ | 1. 2025 ᠣᠨ ᠤ 1 ᠳ᠋ᠦ᠋ᠭᠡᠷ ᠰᠠᠷ᠎ᠠ ᠶᠢᠨ 1 ᠤ ᠡᠳᠦᠷ ︵1 ᠳ᠋ᠦ᠋ᠭᠡᠷ ᠰᠠᠷ᠎ᠠ ᠶᠢᠨ 1 ᠤ ᠡᠳᠦᠷ ᠢ | ᠪᠠᠭᠲᠠᠭᠠᠨ᠎ᠠ︶ ᠠᠴᠠ 2 ᠳ᠋ᠤᠭᠠᠷ ᠰᠠᠷ᠎ᠠ ᠶᠢᠨ 28 ᠤ ᠡᠳᠦᠷ ︵2 ᠳ᠋ᠤᠭᠠᠷ ᠰᠠᠷ᠎ᠠ ᠶᠢᠨ 28 ᠤ ᠡᠳᠦᠷ ᠢ | ᠪᠠᠭᠲᠠᠭᠠᠨ᠎ᠠ︶ ᠶᠢᠨ ᠬᠤᠭᠤᠷᠣᠨᠳᠤ ᠲᠥᠷᠥᠭᠰᠡᠨ︔ | 2. ᠰᠠᠶ᠋ᠢ ᠲᠥᠷᠥᠭᠰᠡᠨ ᠬᠡᠦᠬᠡᠳ ᠤᠨ ᠡᠷᠦᠬᠡ ᠠᠮᠠ ᠶᠢᠨ ᠳᠠᠩᠰᠠ ᠶᠢ ᠨᠢ ᠬᠥᠬᠡᠬᠤᠲᠠ ᠳᠤ ᠲᠡᠷᠢᠭᠦᠨ ᠤᠳᠠᠭ᠎ᠠ | ᠣᠷᠣᠭᠤᠯᠤᠭᠰᠠᠨ ᠪᠢᠰᠢ᠂ ᠡᠷᠦᠬᠡ ᠠᠮᠠ ᠶᠢᠨ ᠲᠠᠩᠰᠠ ᠶᠢ ᠨᠢ ᠭᠠᠳᠠᠷ ᠣᠷᠣᠨ ᠠᠴᠠ ᠨᠡᠭᠦᠯᠭᠡᠨ ᠣᠷᠣᠭᠤᠯᠤᠭᠰᠠᠨ᠃ | ᠭᠤᠷᠪᠠ᠂ ᠭᠤᠶᠤᠴᠢᠯᠠᠨ ᠮᠡᠳᠡᠭᠦᠯᠵᠦ ᠬᠢᠨᠠᠨ ᠬᠠᠷᠭᠤᠭᠤᠯᠬᠤ | ︵ᠨᠢᠭᠡ︶ ︽ᠭᠤᠶᠤᠴᠢᠯᠠᠨ ᠮᠡᠳᠡᠭᠦᠯᠬᠦ ᠦᠭᠡᠢ ᠪᠠᠷ ᠬᠦᠷᠲᠡᠬᠦ︾ ᠬᠢᠷᠢ ᠬᠡᠮ ᠢ ᠨᠤᠲᠠᠯᠠᠨ ᠲᠣᠭᠲᠠᠭᠠᠬᠤ | ᠬᠡᠦᠬᠡᠳ ᠤᠨ ᠡᠷᠦᠬᠡ ᠠᠮᠠ ᠶᠢᠨ ᠳᠠᠩᠰᠠ ᠶᠢ ᠨᠢ ᠬᠥᠬᠡᠬᠤᠲᠠ ᠳᠤ ᠲᠡᠷᠢᠭᠦᠨ ᠤᠳᠠᠭ᠎ᠠ ᠣᠷᠣᠭᠤᠯᠤᠭᠰᠠᠨ ᠤ | ᠳᠠᠷᠠᠭ᠎ᠠ᠂ ᠡᠩ ᠲᠡᠷᠢᠭᠦᠨ ᠳᠤ ︽ᠭᠤᠶᠤᠴᠢᠯᠠᠨ ᠮᠡᠳᠡᠭᠦᠯᠬᠦ ᠦᠭᠡᠢ ᠪᠠᠷ ᠬᠦᠷᠲᠡᠬᠦ︾ ᠬᠢᠷᠢ ᠬᠡᠮ ᠢ ᠨᠤᠲᠠᠯᠠᠨ | ᠲᠣᠭᠲᠠᠭᠠᠵᠤ᠂ ᠮᠡᠳᠡᠭᠡ ᠵᠠᠩᠭᠢᠴᠢᠯᠠᠯᠲᠠ ᠶᠢᠨ ᠠᠷᠭ᠎ᠠ ᠪᠠᠷ ᠣᠯᠠᠨ ᠲᠦᠮᠡᠨ ᠤ ᠨᠡᠮᠡᠭᠦᠷᠢ ᠭᠤᠶᠤᠴᠢᠯᠠᠬᠤ ᠬᠢᠷᠢ ᠬᠡᠮ ᠢ | ᠠᠦ᠋ᠲ᠋ᠣ᠋ ᠬᠢᠨᠠᠨ ᠬᠠᠷᠭᠤᠭᠤᠯᠵᠤ᠂ ᠬᠢᠨᠠᠨ ᠬᠠᠷᠭᠤᠭᠤᠯᠵᠤ ᠵᠥᠪᠰᠢᠶᠡᠷᠡᠭᠰᠡᠨ ᠪᠠᠶᠢᠪᠠᠯ ᠣᠬᠤᠷ ᠮᠡᠳᠡᠭᠡ ᠪᠠᠷ ᠣᠯᠠᠨ | ᠲᠦᠮᠡᠨ ᠳᠤ ᠨᠡᠮᠡᠭᠦᠷᠢ ᠣᠯᠭᠤᠬᠤ ᠠᠷᠭ᠎ᠠ ᠮᠠᠶ᠋ᠢᠭ ᠢ ᠮᠡᠳᠡᠭᠳᠡᠨ᠎ᠡ᠃ | ︵ᠬᠤᠶᠠᠷ︶ ᠬᠢᠷᠢ ᠬᠡᠮ ᠢᠶᠠᠨ ᠨᠤᠲᠠᠯᠠᠨ ᠲᠣᠭᠲᠠᠭᠠᠯᠭᠠᠬᠤ ᠪᠠᠷ ᠰᠠᠨᠠᠭᠠᠴᠢᠯᠠᠭ᠎ᠠ ᠠᠴᠠ ᠪᠠᠨ ᠭᠤᠶᠤᠴᠢᠯᠠᠬᠤ | 1. ᠭᠡᠷ ᠪᠦᠯᠢ ᠶᠢᠨ ᠬᠢᠨ ᠤ ᠭᠤᠶᠤᠴᠢᠯᠠᠯ᠃ ᠣᠯᠠᠨ ᠲᠦᠮᠡᠨ ᠪᠠᠰᠠ ᠰᠦᠯᠵᠢᠶᠡᠨ ᠳᠡᠭᠡᠷᠡᠬᠢ ᠭᠤᠶᠤᠴᠢᠯᠠᠬᠤ | ᠠᠷᠭ᠎ᠠ ᠪᠠᠷ ᠬᠢᠷᠢ ᠬᠡᠮ ᠢᠶᠠᠨ ᠨᠤᠲᠠᠯᠠᠭᠤᠯᠤᠨ ᠲᠣᠭᠲᠠᠭᠠᠯᠭᠠᠵᠤ ᠪᠣᠯᠣᠨ᠎ᠠ᠃ ᠬᠡᠦᠬᠡᠳ ᠤᠨ ᠡᠷᠦᠬᠡ ᠠᠮᠠ ᠶᠢᠨ | ᠳᠠᠩᠰᠠ ᠶᠢ ᠨᠢ ᠬᠥᠬᠡᠬᠤᠲᠠ ᠳᠤ ᠲᠡᠷᠢᠭᠦᠨ ᠤᠳᠠᠭ᠎ᠠ ᠣᠷᠣᠭᠤᠯᠤᠭᠰᠠᠨ ᠤ ᠳᠠᠷᠠᠭ᠎ᠠ᠂ ᠬᠥᠩᠭᠡᠵᠢᠭᠴᠢ ᠨᠢ | ᠬᠥᠩᠭᠡᠵᠢᠭᠦᠯᠬᠦ ᠪᠠᠶᠢᠭᠤᠯᠤᠮᠵᠢ᠂ ᠳᠣᠲᠣᠭᠠᠳᠤ ᠶᠢ ᠬᠠᠮᠠᠭᠠᠯᠠᠬᠤ ᠰᠠᠯᠠᠭ᠎ᠠ ᠮᠥᠴᠢᠷ ᠤᠨ ᠡᠷᠦᠬᠡ ᠠᠮᠠ ᠶᠢᠨ ᠳᠠᠩᠰᠠ | ᠣᠷᠣᠭᠤᠯᠬᠤ ᠴᠣᠩᠬᠤᠪᠴᠢ᠂ ᠨᠡᠶᠢᠭᠡᠮ ᠲᠣᠭᠤᠷᠢᠭ / ᠲᠣᠰᠬᠤᠨ ︵ᠰᠠᠭᠤᠭᠠᠯᠢ ᠠᠷᠠᠳ︶ ᠤ ᠵᠥᠪᠯᠡᠯ᠂ ︽ᠠᠢ | ᠴᠢᠩ ᠴᠧᠩ︾ ᠨᠡᠶᠢᠲᠡ ᠶᠢᠨ ᠳ᠋ᠤᠭᠠᠷ᠂ ︽ᠡᠷᠡᠭᠦᠯ ᠮᠡᠨᠳᠦ ᠬᠥᠬᠡᠬᠤᠲᠠ︾ ᠵᠢᠵᠢᠭ ᠫᠷᠣᠭ᠍ᠷᠠᠮ ᠵᠡᠷᠭᠡ ᠣᠯᠠᠨ ᠠᠷᠭ᠎ᠠ | ᠵᠠᠮ ᠢᠶᠠᠷ ᠲᠤᠰᠬᠠᠢ ᠬᠤᠶᠠᠷ ᠬᠡᠮᠵᠢᠯᠲᠦ ᠺᠣᠳ᠋ ᠢ ᠰᠢᠷᠪᠢᠨ ᠭᠤᠶᠤᠴᠢᠯᠠᠯ ᠢᠶᠠᠨ ᠲᠤᠰᠢᠶᠠᠵᠤ᠂ ᠬᠠᠮᠢᠶ᠎ᠠ ᠪᠦᠬᠦᠢ | ᠮᠠᠲ᠋ᠧᠷᠢᠶᠠᠯ ᠢ ᠳᠡᠭᠡᠭᠰᠢ ᠳᠠᠮᠵᠢᠭᠤᠯᠬᠤ ᠶᠢᠨ ᠬᠠᠮᠲᠤ ᠳᠡᠪᠰᠢᠭᠦᠯᠦᠭᠰᠡᠨ ᠮᠡᠳᠡᠭᠡ ᠵᠠᠩᠭᠢ ᠪᠠᠨ ᠦᠨᠡᠨ ᠪᠣᠳᠠᠲᠠᠢ | ᠮᠥᠷᠲᠡᠭᠡᠨ ᠬᠦᠴᠦᠨ ᠲᠠᠢ᠂ ᠬᠠᠤᠯᠢ ᠴᠠᠭᠠᠵᠠ ᠶᠢᠨ ᠬᠠᠷᠢᠭᠤᠴᠠᠯᠭ᠎ᠠ ᠶᠢ ᠰᠠᠶᠢᠨ ᠳᠤᠷ᠎ᠠ ᠠᠴᠠ ᠪᠠᠨ ᠡᠭᠦᠷᠭᠡᠯᠡᠨ᠎ᠡ | ᠭᠡᠵᠦ ᠠᠮᠠᠯᠠᠨ᠎ᠠ᠃ ᠪᠣᠳᠠᠲᠠᠢ ᠮᠠᠲ᠋ᠧᠷᠢᠶᠠᠯ ᠨᠢ ᠳᠣᠣᠷᠠᠬᠢ ᠮᠡᠲᠦ᠄ | ︵1︶ ᠡᠷ᠎ᠡ ᠡᠮ᠎ᠡ ᠬᠤᠶᠠᠭᠤᠯᠠ ᠶᠢᠨ ᠡᠷᠦᠬᠡ ᠠᠮᠠ ᠶᠢᠨ ᠳᠠᠩᠰᠠᠨ ᠳᠡᠪᠲᠡᠷ ︵ᠲᠡᠷᠢᠭᠦᠨ ᠬᠠᠭᠤᠳᠠᠰᠤ᠂ | ᠲᠣᠰ ᠬᠥᠮᠥᠨ ᠤ ᠲᠡᠮᠳᠡᠭᠯᠡᠯ ᠲᠠᠢ ᠬᠠᠭᠤᠳᠠᠰᠤ︶ ᠤᠨ ᠤᠭ ᠳᠡᠪᠲᠡᠷ᠂ ᠪᠡᠶ᠎ᠡ ᠶᠢᠨ ᠦᠨᠡᠮᠯᠡᠯ ︵ᠠᠷᠤ ᠡᠮᠦᠨ᠎ᠡ | ᠨᠢᠭᠤᠷ︶ ᠤᠨ ᠤᠭ ᠦᠨᠡᠮᠯᠡᠯ᠂ ᠣᠷᠤᠭ ᠤᠨ ᠪᠠᠲᠤᠯᠠᠪᠤᠷᠢ ᠶᠢᠨ ᠤᠭ ᠳᠡᠪᠲᠡᠷ︔ | ︵2︶ ᠭᠡᠷ ᠪᠦᠯᠢ ᠶᠢᠨ ᠪᠥᠬᠦ ᠦᠷ᠎ᠡ ᠬᠡᠦᠬᠡᠳ ᠤᠨ ᠬᠢᠨᠢ ᠡᠷᠦᠬᠡ ᠠᠮᠠ ᠶᠢᠨ ᠳᠠᠩᠰᠠᠨ ᠳᠡᠪᠲᠡᠷ ︵ᠲᠡᠷᠢᠭᠦᠨ | ᠬᠠᠭᠤᠳᠠᠰᠤ᠂ ᠲᠣᠰ ᠬᠥᠮᠥᠨ ᠤ ᠲᠡᠮᠳᠡᠭᠯᠡᠯ ᠲᠠᠢ ᠬᠠᠭᠤᠳᠠᠰᠤ︶ ᠤᠨ ᠤᠭ ᠳᠡᠪᠲᠡᠷ᠂ ᠪᠥᠬᠦ ᠦᠷ᠎ᠡ ᠬᠡᠦᠬᠡᠳ ᠤᠨ | ᠬᠢᠨᠢ ᠲᠥᠷᠥᠭᠰᠡᠨ ᠤ ᠠᠨᠠᠭᠠᠬᠤ ᠶᠢᠨ ᠭᠡᠷᠡᠴᠢ ᠶᠢᠨ ᠤᠭ ᠮᠠᠲ᠋ᠧᠷᠢᠶᠠᠯ︔ | ︵3︶ ᠬᠥᠬᠡᠬᠤᠲᠠ ᠶᠢᠨ ᠬᠡᠪᠴᠢᠶᠡᠨ ᠳᠠᠬᠢ ᠥᠪᠡᠷ ᠤᠨ ᠣᠷᠣᠨ ᠰᠠᠭᠤᠴᠠ ᠭᠡᠷ ᠪᠠᠶᠢᠰᠢᠩ ᠤᠨ | ᠥᠮᠴᠢᠯᠡᠯ ᠤᠨ ᠡᠷᠬᠡ ᠶᠢᠨ ᠦᠨᠡᠮᠯᠡᠯ ︵ᠥᠯᠥ ᠬᠥᠳᠡᠯᠬᠦ ᠬᠥᠷᠥᠩᠭᠡ ᠶᠢᠨ ᠳᠠᠩᠰᠠᠯᠠᠨ ᠲᠡᠮᠳᠡᠭᠯᠡᠭᠦᠯᠦᠭᠰᠡᠨ ᠦᠨᠡᠮᠯᠡᠯ︶ | ᠪᠤᠶᠤ ᠰᠦᠯᠵᠢᠶᠡᠨ ᠳᠡᠭᠡᠷ᠎ᠡ ᠭᠠᠷ ᠤᠨ ᠥᠰᠥᠭ ᠵᠢᠷᠤᠭᠰᠠᠨ ᠤᠭ ᠮᠠᠲ᠋ᠧᠷᠢᠶᠠᠯ ︵ᠭᠡᠷ ᠪᠠᠶᠢᠰᠢᠩ ᠤᠨ ᠮᠡᠳᠡᠭᠡ ᠵᠠᠩᠭᠢ | ᠪᠦᠬᠦᠢ ᠬᠠᠭᠤᠳᠠᠰᠤ ᠪᠠ ᠬᠤᠶᠠᠷ ᠲᠠᠯ᠎ᠠ ᠪᠠᠷ ᠢᠶᠠᠨ ᠭᠠᠷ ᠤᠨ ᠥᠰᠥᠭ ᠵᠢᠷᠤᠵᠤ ᠲᠠᠮᠠᠭ᠎ᠠ ᠳᠠᠷᠤᠭᠰᠠᠨ | ᠬᠠᠭᠤᠳᠠᠰᠤ ᠪᠠᠨ ᠰᠦᠯᠵᠢᠶ᠎ᠡ ᠪᠠᠷ ᠢᠯᠡᠭᠡᠨ᠎ᠡ︶︔ ᠳᠡᠭᠡᠷ᠎ᠡ ᠳᠤᠷᠠᠳᠤᠭᠰᠠᠨ ᠦᠨᠡᠮᠯᠡᠯ ᠢ ᠬᠠᠩᠭᠠᠵᠤ ᠳᠡᠶᠢᠯᠬᠦ ᠦᠭᠡᠢ | ᠪᠣᠯ ᠲᠣᠰ ᠵᠢᠯ ᠪᠤᠶᠤ ᠳᠡᠭᠡᠷ᠎ᠡ ᠨᠢᠭᠡ ᠵᠢᠯ ᠳᠠᠬᠢ ᠬᠥᠬᠡᠬᠤᠲᠠ ᠶᠢᠨ ᠬᠡᠪᠴᠢᠶᠡᠨ ᠳᠤ ᠡᠮᠴᠢᠯᠡᠭᠡᠨ ᠤ ᠳᠠᠭᠠᠳᠬᠠᠯ ᠤᠨ | ᠰᠦᠢᠳᠬᠡᠯ ᠲᠤᠰᠢᠶᠠᠭᠰᠠᠨ ᠲᠡᠮᠳᠡᠭᠯᠡᠯ ᠢᠶᠠᠨ ᠬᠠᠩᠭᠠᠵᠤ ᠪᠣᠯᠣᠨ᠎ᠠ︔ | ︵4︶ ᠬᠡᠦᠬᠡᠳ ᠡᠷᠭᠦᠨ ᠲᠡᠵᠢᠭᠡᠭᠰᠡᠨ ᠭᠡᠷ ᠪᠦᠯᠢ ᠨᠢ ᠬᠠᠤᠯᠢ ᠶᠣᠰᠣᠨ ᠤ ᠡᠷᠭᠦᠨ ᠲᠡᠵᠢᠭᠡᠭᠰᠡᠨ | ᠦᠨᠡᠮᠯᠡᠯ ᠤᠨ ᠤᠭ ᠦᠨᠡᠮᠯᠡᠯ ᠢ ᠲᠤᠰᠢᠶᠠᠬᠤ ᠬᠡᠷᠡᠭᠲᠡᠢ᠃ ᠬᠠᠨᠢ ᠢᠵᠢᠯᠢ ᠶᠢᠨ ᠬᠢᠨᠢ ᠨᠢᠭᠡ ᠨᠢ ᠨᠠᠰᠤ ᠨᠥᠭᠴᠢᠭᠰᠡᠨ | ᠭᠡᠷ ᠪᠦᠯᠢ ᠨᠢ ᠨᠠᠰᠤ ᠨᠥᠭᠴᠢᠭᠰᠡᠨ ᠨᠥᠭᠦᠭᠡ ᠶᠢᠨ ᠢᠶᠠᠨ ᠨᠠᠰᠤ ᠨᠥᠭᠴᠢᠭᠰᠡᠨ ᠭᠡᠷᠡᠴᠢ ᠶᠢ ᠲᠤᠰᠢᠶᠠᠬᠤ ᠬᠡᠷᠡᠭᠲᠡᠢ᠃ | ᠤᠷᠤᠭ ᠰᠠᠯᠤᠭᠰᠠᠨ ᠭᠡᠷ ᠪᠦᠯᠢ ᠨᠢ ᠡᠷ᠎ᠡ ᠡᠮ᠎ᠡ ᠬᠤᠶᠠᠷ ᠲᠠᠯ᠎ᠠ ᠶᠢᠨ ᠭᠠᠷ ᠤᠨ ᠦᠰᠦᠭ ᠵᠢᠷᠤᠭᠰᠠᠨ ᠠᠰᠠᠷᠠᠵᠤ | ᠲᠡᠵᠢᠭᠡᠬᠦ ᠢᠯᠡᠷᠬᠡᠶᠢᠯᠡᠯᠲᠡ ᠪᠠ ᠤᠷᠤᠭ ᠰᠠᠯᠬᠤ ᠵᠥᠪᠯᠡᠯᠴᠡᠭᠡᠷ ᠪᠤᠶᠤ ᠰᠢᠭᠦᠬᠦ ᠬᠤᠷᠢᠶᠠᠨ ᠤ ᠭᠠᠷᠭᠠᠵᠤ ᠥᠭᠭᠦᠭᠰᠡᠨ | ᠤᠷᠤᠭ ᠰᠠᠯᠤᠭᠰᠠᠨ ᠲᠠᠰᠤᠯᠤᠯᠲᠠ ᠶᠢᠨ ᠪᠢᠴᠢᠭ ᠢ ᠲᠤᠰᠢᠶᠠᠬᠤ ᠴᠢᠬᠤᠯᠠᠲᠠᠢ᠃ | 2. ᠱᠠᠲᠤ ᠱᠠᠲᠤ ᠪᠠᠷ ᠬᠢᠨᠠᠨ ᠬᠠᠷᠭᠤᠭᠤᠯᠤᠨ᠎ᠠ᠃ ᠬᠤᠰᠢᠭᠤ ᠰᠢᠶᠠᠨ ᠲᠣᠭᠤᠷᠢᠭ᠂ ᠰᠢᠶᠠᠩ ᠪᠠᠯᠭᠠᠰᠤ ︵ | ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ︶᠂ ᠲᠣᠰᠬᠤᠨ ︵ᠰᠠᠭᠤᠭᠠᠯᠢ ᠠᠷᠠᠳ︶ ᠤ ᠵᠥᠪᠯᠡᠯ ᠵᠢᠯ | ᠪᠦᠷᠢ ᠶᠢᠨ 5 ᠳ᠋ᠤᠭᠠᠷ ᠰᠠᠷ᠎ᠠ ᠪᠠ 11 ᠳ᠋ᠦ᠋ᠭᠡᠷ ᠰᠠᠷ᠎ᠠ ᠳᠤ ᠳᠣᠣᠷᠠᠳᠤ ᠱᠠᠲᠤᠨ ᠠᠴᠠ ᠳᠡᠭᠡᠳᠦ ᠱᠠᠲᠤ ᠲᠡᠶᠢᠰᠢ ᠬᠢᠨᠠᠨ | ᠬᠠᠷᠭᠤᠭᠤᠯᠤᠨ᠎ᠠ᠃ | 3. ᠬᠤᠶᠠᠷᠳᠠᠬᠢ ᠬᠡᠦᠬᠡᠳ᠂ ᠭᠤᠷᠪᠠᠳᠠᠬᠢ ᠬᠡᠦᠬᠡᠳ ᠵᠢᠴᠢ ᠡᠭᠦᠨ ᠠᠴᠠ ᠢᠯᠡᠭᠦᠦ ᠪᠠᠶᠢᠭ᠎ᠠ ᠬᠡᠦᠬᠡᠳ | ᠪᠤᠶᠢᠵᠢᠭᠤᠯᠬᠤ ᠨᠡᠮᠡᠭᠦᠷᠢ ᠶᠢ ᠵᠢᠯ ᠬᠤᠪᠢᠶᠠᠨ ᠣᠯᠭᠤᠬᠤ ᠳᠤ᠂ ᠭᠤᠶᠤᠴᠢᠯᠠᠭᠴᠢ ᠨᠢ ᠳᠠᠷᠠᠭ᠎ᠠ ᠨᠢᠭᠡ ᠵᠢᠯ ᠤᠨ | ᠲᠥᠪᠯᠡᠷᠡᠭᠦᠯᠦᠨ ᠬᠢᠨᠠᠵᠤ ᠬᠠᠷᠭᠤᠭᠤᠯᠬᠤ ᠬᠤᠭᠤᠴᠠᠭᠠᠨ ᠳᠤ ︽ᠣᠨ ᠤ ᠬᠢᠨᠠᠨ ᠬᠠᠷᠭᠤᠭᠤᠯᠬᠤ︾ | ᠭᠤᠶᠤᠴᠢᠯᠠᠯ ᠢᠶᠠᠨ ᠳᠡᠪᠰᠢᠭᠦᠯᠦᠨ᠎ᠡ᠂ ᠳᠠᠬᠢᠵᠤ ᠮᠡᠳᠡᠭᠡ ᠵᠠᠩᠭᠢ ᠶᠢᠨ ᠲᠠᠭᠯᠠᠨ ᠪᠢᠴᠢᠬᠦ ᠪᠠ ᠮᠠᠲ᠋ᠧᠷᠢᠶᠠᠯ ᠢᠶᠠᠨ | ᠳᠡᠭᠡᠭᠰᠢ ᠳᠠᠮᠵᠢᠭᠤᠯᠬᠤ ᠴᠢᠬᠤᠯᠠ ᠦᠭᠡᠢ᠃ | ᠳᠥᠷᠪᠡ᠂ ᠪᠡᠯᠡ ᠮᠥᠩᠭᠦ ᠣᠯᠭᠤᠬᠤ | ᠬᠡᠦᠬᠡᠳ ᠪᠤᠶᠢᠵᠢᠭᠤᠯᠬᠤ ᠨᠡᠮᠡᠭᠦᠷᠢ ᠶᠢᠨ ᠲᠥᠷᠥᠯ ᠵᠦᠢᠯ ᠢ ᠲᠣᠭᠲᠠᠭᠰᠠᠨ ᠪᠡᠯᠡ ᠮᠥᠩᠭᠦ ᠣᠯᠭᠤᠬᠤ ᠠᠷᠭ᠎ᠠ | ᠵᠠᠮ ᠢᠶᠠᠷ ᠣᠯᠭᠤᠨ᠎ᠠ᠂ ᠭᠤᠶᠤᠴᠢᠯᠠᠨ ᠮᠡᠳᠡᠭᠦᠯᠬᠦ ᠦᠭᠡᠢ ᠪᠠᠷ ᠬᠦᠷᠲᠡᠬᠦ ᠪᠠ ᠬᠤᠪᠢ ᠬᠥᠮᠥᠨ ᠤ ᠭᠤᠶᠤᠴᠢᠯᠠᠯ ᠢ | ᠬᠢᠨᠠᠨ ᠬᠠᠷᠭᠤᠭᠤᠯᠵᠤ ᠵᠥᠪᠰᠢᠶᠡᠷᠡᠭᠰᠡᠨ ᠤ ᠳᠠᠷᠠᠭ᠎ᠠ ᠵᠢᠯ ᠪᠦᠷᠢ ᠶᠢᠨ 7 ᠳ᠋ᠤᠭᠠᠷ ᠰᠠᠷ᠎ᠠ᠂ 1 ᠳ᠋ᠦ᠋ᠭᠡᠷ ᠰᠠᠷ᠎ᠠ ᠳᠤ | ᠬᠤᠶᠠᠷ ᠤᠳᠠᠭ᠎ᠠ ᠣᠯᠭᠤᠨ᠎ᠠ᠃ |