1. ᠬᠠᠯᠠᠭᠤᠨ ᠤᠰᠤᠨ ᠤ ᠰᠠᠪᠠ ᠶᠢᠨ ᠬᠠᠭ ᠢ ᠠᠷᠢᠯᠭᠠᠬᠤ ᠳᠤ ᠼᠤᠤ ᠬᠢᠵᠤ ᠭᠡᠳᠤᠨ ᠤᠳᠠᠭ᠎ᠠ | ᠵᠠᠶᠢᠯᠤᠭᠰᠠᠨ ᠤ ᠲᠠᠷᠠᠭ᠎ᠠ ᠬᠠᠭᠠᠰ ᠴᠠᠭ ᠲᠠᠯᠪᠢᠵᠤ ᠪᠠᠶᠢᠭᠠᠳ ᠲᠠᠬᠢᠨ ᠴᠡᠪᠡᠷ ᠤᠰᠤ ᠪᠠᠷ ᠵᠠᠶᠢᠯᠪᠠᠯ ᠬᠠᠭ ᠨᠢ | ᠠᠷᠢᠯᠤᠨ᠎ᠠ᠃ | 2. ᠨᠦᠢᠷ ᠬᠤᠯᠵᠢᠳᠠᠭ ᠬᠦᠮᠤᠨ ᠤᠨᠳᠠᠬᠤ ᠠᠴᠠ ᠡᠮᠤᠨ᠎ᠠ ᠨᠢᠭᠡ ᠴᠤᠮᠤ ᠪᠤᠴᠠᠯᠭᠠᠵᠤ ᠬᠦᠷᠦᠭᠡᠭᠰᠡᠨ | ᠤᠰᠤᠨ ᠳᠤ ᠨᠢᠭᠡ ᠬᠠᠯᠪᠠᠭ᠎ᠠ ᠼᠤᠤ ᠬᠢᠵᠤ ᠤᠤᠭᠤᠪᠠᠯ ᠨᠦᠢᠷ ᠢ ᠰᠠᠶᠢᠵᠢᠷᠠᠭᠤᠯᠤᠨ᠎ᠠ᠃ | 3. ᠲᠡᠷᠠ ᠲᠡᠭᠡᠷ᠎ᠠ ᠪᠠᠨ ᠲᠤᠷᠭᠠᠨ ᠠᠯᠴᠢᠭᠤᠷ ᠲᠡᠯᠪᠢᠵᠤ ᠤᠨᠳᠠᠪᠠᠯ᠂ ᠭᠡᠵᠢᠭᠡᠨ ᠤ ᠭᠡᠯᠪᠡᠷᠢ ᠬᠤᠪᠢᠷᠠᠬᠤ ᠶᠢ | ᠰᠡᠷᠭᠡᠶᠢᠯᠡᠨ᠎ᠠ᠃ | 4. ᠬᠠᠳᠠᠭᠠᠭᠰᠠᠨ ᠵᠦᠷᠵᠢ ᠶᠢᠨ ᠬᠠᠯᠢᠰᠤ ᠶᠢ ᠰᠢᠳᠠᠭᠠᠪᠠᠯ ᠭᠡᠷ ᠤᠨ ᠲᠤᠳᠤᠷᠠᠬᠢ ᠦᠮᠡᠬᠡᠢ ᠦᠨᠤᠷ ᠢ | ᠠᠷᠢᠯᠭᠠᠬᠤ ᠪᠠ ᠪᠠᠳᠠᠭᠠᠨ᠎ᠠ ᠶᠢ ᠴᠤ ᠦᠯᠳᠡᠵᠤ ᠬᠦᠭᠡᠭᠡᠨ᠎ᠠ᠃ | 5. ᠬᠤᠭᠤᠯᠠᠨ ᠭᠡᠷ ᠤᠨ ᠱᠠᠯᠠᠨ ᠤ ᠲᠤᠰᠤᠨ ᠭᠭᠢᠷ ᠢ ᠼᠤᠤ ᠬᠢᠭᠰᠡᠨ ᠵᠦᠯᠭᠦᠭᠦᠷ ᠢᠶᠠᠷ ᠵᠦᠯᠭᠦᠪᠡᠯ ᠬᠢᠯᠪᠡᠷᠬᠠᠨ | ᠵᠦᠯᠭᠦᠭᠳᠡᠳᠡᠭ᠃ | 6. ᠦᠰᠦᠯᠢᠭ ᠲᠤᠭᠤᠷ ᠢ ᠤᠬᠢᠶᠠᠬᠤ ᠳᠠᠭᠠᠨ ᠵᠢᠭᠠᠬᠠᠨ ᠲᠠᠪᠤᠰᠤ ᠬᠢᠵᠤ ᠲᠠᠬᠢᠨ ᠴᠡᠪᠡᠷ ᠤᠰᠤ ᠪᠠᠷ | ᠤᠬᠢᠶᠠᠪᠠᠯ ᠦᠰᠤ ᠨᠢ ᠬᠢᠯᠪᠠᠷ ᠤᠨᠠᠳᠠᠭ᠃ | 7. ᠠᠷᠠᠰᠤᠨ ᠱᠠᠬᠠᠢ ᠶᠢᠨ ᠲᠤᠰᠤ ᠶᠢ ᠭᠡᠷᠡᠭᠯᠡᠭᠦ ᠦᠭᠡᠢ ᠤᠳᠠᠪᠠᠯ ᠬᠠᠳᠠᠭᠤᠷᠠᠳᠠᠭ᠂ ᠭᠡᠳᠤᠨ ᠲᠤᠰᠤᠯ | ᠦᠨᠢᠶᠠᠨ ᠰᠦ ᠲᠤᠰᠤᠭᠠᠪᠠᠯ ᠱᠠᠬᠠᠢ ᠶᠢᠨ ᠲᠤᠰᠤ ᠵᠦᠭᠡᠯᠡᠷᠡᠵᠤ ᠰᠢᠨ᠎ᠠ ᠲᠤᠰᠤ ᠲᠠᠢ ᠠᠳᠠᠯᠢ ᠪᠤᠯᠳᠠᠭ᠃ 8. | ᠲᠤᠭᠤᠭᠠᠨ ᠭᠡᠷ ᠲᠠᠬᠢ ᠲᠤᠰᠤ ᠤᠳᠤᠭᠠᠨ ᠤ ᠦᠨᠤᠷ ᠠᠷᠢᠯᠬᠤ ᠦᠭᠡᠢ ᠪᠤᠯ ᠯᠠ ᠠᠰᠠᠭᠠᠪᠠᠯ ᠦᠨᠤᠷ ᠨᠢ ᠲᠠᠷᠦ᠋ᠢᠬᠠᠨ | ᠠᠷᠢᠯᠤᠨ᠎ᠠ᠃ |