ᠬᠥᠨᠳᠡᠯᠡᠨ ᠲᠣᠭᠤᠷᠢᠭ ᠬᠠᠩᠰᠢ ᠶᠢᠨ ᠬᠤᠭᠤᠴᠠᠭᠠᠨ ᠳᠠᠬᠢ ᠪᠣᠯᠪᠠᠰᠤᠨ ᠠᠮᠤᠷ ᠲᠦᠪᠰᠢᠨ ᠲᠠᠬᠢᠯᠭ᠎ᠠ ᠬᠢᠬᠦ ᠶᠢ ᠪᠦᠬᠦ ᠬᠦᠴᠦᠨ ᠢᠶᠠᠷ ᠢᠶᠠᠨ ᠪᠠᠲᠤᠯᠠᠪᠠ
ᠨᠡᠶᠢᠲᠡᠯᠡᠭᠰᠡᠨ ᠴᠠᠭ᠄
2025/4/8
     ᠨᠢᠭᠡ ᠳᠤ᠂ ᠭᠤᠣᠯᠳᠠᠯᠭ᠎ᠠ ᠲᠠᠢ ᠣᠷᠣᠨ ᠪᠦᠰᠡ ᠶᠢᠨ ᠬᠠᠮᠢᠶᠠᠷᠤᠯᠲᠠ ᠡᠵᠡᠮᠳᠡᠯ ᠢ ᠴᠢᠩᠭᠠᠳᠬᠠᠵᠤ᠂ ᠪᠣᠯᠪᠠᠰᠤᠨ ᠲᠠᠬᠢᠯᠭ᠎ᠠ ᠬᠢᠬᠦ ᠶᠢ ᠰᠠᠨᠠᠭᠠᠴᠢᠯᠠᠪᠠ᠃ ᠠᠷᠠᠳ ᠤᠨ ᠶᠠᠪᠤᠳᠠᠯ᠂ ᠵᠡᠭᠡᠯᠢ ᠭᠤᠳᠤᠮᠵᠢ ᠨᠡᠶᠢᠭᠡᠮ ᠲᠣᠭᠤᠷᠢᠭ ᠤᠨ ᠠᠵᠢᠯᠲᠠᠨ ᠪᠠ ᠰᠠᠶᠢᠨ ᠲᠤᠷᠠᠴᠤᠳ ᠪᠥᠬᠦ ᠲᠤᠭᠤᠷᠢᠭ ᠤᠨ ᠲᠠᠬᠢᠯᠭ᠎ᠠ ᠶᠢᠨ ᠠᠵᠢᠯᠯᠠᠭ᠎ᠠ ᠣᠯᠠᠰᠢᠷᠠᠵᠤ ᠪᠠᠶᠢᠭ᠎ᠠ 38 ᠭᠤᠤᠯ ᠪᠣᠯᠬᠤ ᠵᠠᠮ ᠤᠨ ᠠᠭᠤᠯᠵᠠᠷ ᠬᠡᠰᠡᠭ ᠢ ᠵᠢᠭᠰᠠᠭᠠᠨ ᠪᠠᠶᠢᠴᠠᠭᠠᠵᠤ᠂ ᠲᠣᠭᠲᠠᠭᠠᠯ ᠠᠴᠠ ᠵᠥᠷᠢᠴᠡᠨ ᠴᠠᠭᠠᠰᠤᠨ ᠵᠣᠭᠤᠰ᠂ ᠬᠦᠵᠢ ᠵᠤᠯᠠ ᠰᠢᠲᠠᠭᠠᠭᠰᠠᠨ ᠵᠡᠷᠭᠡ ᠦᠶᠯᠡ ᠠᠵᠢᠯᠯᠠᠭ᠎ᠠ ᠪᠠᠶᠢᠬᠤ ᠡᠰᠡᠬᠦ ᠶᠢ ᠭᠤᠤᠯᠳᠠᠯᠭ᠎ᠠ ᠲᠠᠢ ᠪᠠᠶᠢᠴᠠᠭᠠᠵᠤ᠂ ᠪᠣᠯᠪᠠᠰᠤᠨ ᠪᠤᠰᠤ ᠪᠠᠷ ᠲᠠᠬᠢᠯᠭ᠎ᠠ ᠬᠢᠬᠦ ᠶᠢ ᠨᠡᠶᠢᠲᠡ 1500 ᠭᠠᠷᠤᠶ ᠤᠳᠠᠭ᠎ᠠ ᠢᠳᠬᠠᠨ ᠬᠤᠷᠢᠭᠯᠠᠪᠠ᠃ ᠬᠤᠶᠠᠷ ᠲᠤ᠂ ᠣᠶ ᠰᠢᠭᠤᠶ ᠨᠤᠲᠤᠭ ᠪᠡᠯᠴᠢᠭᠡᠷ ᠤᠨ ᠲᠦᠢᠮᠡᠷ ᠢ ᠰᠡᠷᠭᠡᠶᠢᠯᠡᠬᠦ ᠱᠤᠭᠤᠮ ᠢ ᠪᠠᠲᠤ ᠪᠠᠬᠢ ᠪᠠᠶᠢᠭᠤᠯᠵᠤ᠂ ᠠᠮᠤᠷ ᠲᠦᠪᠰᠢᠨ ᠤ ᠬᠡᠮ ᠰᠤᠭᠤᠭ ᠢ ᠠᠷᠢᠯᠭᠠᠪᠠ᠃ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠶ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠣᠪᠴᠢᠶ᠎ᠠ᠂ ᠪᠠᠴᠢᠮ ᠪᠠᠶᠢᠳᠠᠯ ᠢ ᠠᠷᠭᠠᠴᠠᠭᠠᠬᠤ ᠲᠣᠪᠴᠢᠶ᠎ᠠ ᠵᠡᠷᠭᠡ ᠰᠠᠯᠠᠭ᠎ᠠ ᠮᠥᠴᠢᠷ ᠲᠠᠢ ᠬᠠᠮᠲᠤᠷᠠᠨ᠂ ᠰᠢᠭᠤᠶᠢᠲᠤ ᠣᠷᠣᠨ᠂ ᠨᠤᠲᠤᠭ ᠪᠡᠯᠴᠢᠭᠡᠷ ᠵᠡᠷᠭᠡ ᠭᠤᠤᠯᠳᠠᠯᠭ᠎ᠠ ᠲᠠᠢ ᠣᠷᠣᠨ ᠪᠦᠰᠡ ᠳᠤ ᠭᠦᠨᠵᠡᠭᠡᠶᠢᠷᠡᠵᠦ᠂ ᠨᠣᠴᠣᠮᠠᠲᠠᠭᠠᠶ ᠪᠣᠳᠠᠰ ᠢ ᠤᠪᠤᠭᠠᠯᠠᠬᠰᠠᠨ᠂ ᠭᠠᠯ ᠢ ᠰᠡᠷᠭᠡᠶᠢᠯᠡᠬᠦ ᠲᠤᠰᠠᠭᠠᠷᠯᠠᠬᠤ ᠪᠦᠰᠡ ᠲᠣᠬᠢᠷᠠᠭᠤᠯᠤᠭᠰᠠᠨ ᠨᠢ ᠬᠦᠷᠦᠯᠴᠡᠬᠦ ᠦᠭᠡᠶ ᠵᠡᠷᠭᠡ ᠠᠰᠠᠭᠤᠳᠠᠯ ᠳᠤ ᠴᠡᠭᠴᠡᠯᠡᠨ ᠰᠠᠶᠢᠵᠢᠷᠠᠭᠤᠯᠬᠤ ᠱᠠᠭᠠᠷᠳᠠᠯᠭ᠎ᠠ ᠳᠤᠷᠠᠳᠴᠤ᠂ ᠭᠡᠮ ᠰᠤᠭᠤᠭ ᠢ ᠴᠠᠭ ᠲᠤᠬᠠᠶ ᠳᠤᠨᠢ ᠠᠷᠢᠯᠭᠠᠪᠠ᠃ ᠭᠤᠷᠪᠠ ᠳᠤ᠂ ᠭᠠᠯ ᠢ ᠰᠡᠷᠭᠡᠶᠢᠯᠡᠬᠦ ᠮᠡᠳᠡᠯᠭᠡ ᠶᠢᠨ ᠤᠬᠠᠭᠤᠯᠭ᠎ᠠ ᠶᠢ ᠥᠷᠨᠢᠭᠦᠯᠵᠦ᠂ ᠠᠶᠤᠯ ᠦᠭᠡᠶ ᠶᠢᠨ ᠦᠵᠡᠯ ᠤᠬᠠᠮᠰᠠᠷ ᠢ ᠨᠡᠮᠡᠭᠳᠡᠭᠦᠯᠪᠡ᠃ ᠭᠠᠯ ᠢ ᠰᠡᠷᠭᠡᠶᠢᠯᠡᠬᠦ ᠪᠠ ᠪᠠᠴᠢᠮ ᠪᠠᠶᠢᠳᠠᠯ ᠢ ᠠᠷᠭᠠᠴᠠᠭᠠᠨ ᠰᠢᠶᠳᠪᠦᠷᠢᠯᠡᠬᠦ ᠰᠣᠷᠢᠯᠲᠠ ᠶᠢ ᠨᠡᠶᠢᠲᠡ 100 ᠭᠠᠷᠤᠶ ᠤᠳᠠᠭ᠎ᠠ ᠵᠣᠬᠢᠶᠠᠨ ᠪᠠᠶᠢᠭᠤᠯᠵᠤ᠂ 2.95 ᠲᠦᠮᠡᠨ ᠬᠥᠮᠦᠨ ᠳᠤ ᠭᠠᠯ ᠢ ᠰᠡᠷᠭᠡᠶᠢᠯᠡᠬᠦ ᠮᠡᠳᠡᠯᠭᠡ ᠶᠢᠨ ᠤᠬᠠᠭᠤᠯᠭ᠎ᠠ ᠬᠢᠵᠦ᠂ ᠬᠤᠲᠠ ᠶᠢᠨ ᠠᠷᠠᠳ ᠤᠨ ᠪᠣᠯᠪᠠᠰᠤᠨ᠂ ᠠᠮᠤᠷ ᠲᠦᠪᠰᠢᠨ᠂ ᠪᠠᠭ᠎ᠠ ᠨᠡᠭᠦᠷᠡᠰᠦᠲᠥ᠋ᠷᠥᠭᠴᠢᠲᠦ ᠲᠠᠬᠢᠯᠭ᠎ᠠ ᠬᠢᠬᠦ ᠠᠷᠭ᠎ᠠ ᠪᠠᠷ ᠨᠦᠭᠴᠢᠭᠰᠡᠳ ᠢᠶᠠᠨ ᠭᠠᠰᠢᠭᠤᠳᠠᠬᠤ ᠶᠢ ᠬᠥᠲᠥᠯᠥᠨ ᠵᠢᠯᠣᠭᠤᠳᠪᠠ᠃ ︵ᠠᠷᠠᠳ ᠤᠨ ᠶᠠᠪᠤᠳᠠᠯ ᠤᠨ ᠲᠣᠪᠴᠢᠶ᠎ᠠ︶
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号