ᠬᠡᠥᠬᠡᠤᠨ ᠶᠡᠷᠥ ᠠᠴᠠ ᠡᠴᠢᠬᠡ ᠡᠬᠡ ᠪᠠᠨ ᠳᠠᠭᠤᠷᠢᠶᠠᠵᠤ ᠶᠠᠭᠤᠮ᠎ᠠ ᠰᠤᠷᠴᠤ᠂ ᠡᠴᠢᠬᠡ ᠡᠬᠡ ᠪᠠᠨ | ᠳᠠᠭᠤᠷᠢᠶᠠᠵᠤ ᠬᠥᠮᠥᠨ ᠪᠤᠯᠳᠠᠭ᠃ ᠠᠷᠠᠤᠨ ᠤᠨ ᠰᠡᠴᠡᠨ ᠥᠬᠡᠨ ᠳᠤ ︽ᠬᠡᠬᠡᠷ ᠠᠯᠠᠭ ᠠᠴᠠ ᠰᠢᠬᠢᠷ᠎ᠠ ᠠᠯᠠᠭ︾ | ᠬᠡᠳᠡᠭ ᠥᠬᠡ ᠨᠢ ᠶᠠᠭ ᠡᠭᠦᠨ ᠢ ᠲᠤᠳᠤᠷᠬᠠᠶᠢᠯᠠᠵᠤ ᠬᠡᠯᠡᠵᠡᠢ᠃ ᠡᠴᠢᠬᠡ ᠡᠬᠡ ᠨᠢ ᠶᠠᠮᠠᠷ ᠬᠥᠮᠥᠨ ᠪᠤᠯ ᠬᠡᠥᠬᠡᠤᠨ ᠨᠢ | ᠲᠡᠶᠢᠮᠥ ᠬᠥᠮᠥᠨ ᠪᠤᠯᠳᠠᠭ᠂ ᠡᠶᠢᠮᠥ ᠠᠴᠠ ᠦᠷ᠎ᠡ ᠬᠡᠥᠬᠡᠳ ᠢᠶᠠᠨ ᠶᠠᠮᠠᠷ ᠬᠥᠮᠥᠨ ᠪᠤᠯᠭᠠᠨ ᠬᠥᠮᠥᠵᠢᠬᠦᠯᠥᠨ | ᠪᠤᠶᠢᠵᠢᠭᠤᠯᠬᠤ ᠪᠤᠢ ᠬᠡᠳᠡᠭ ᠠᠰᠠᠭᠤᠯᠲᠠ ᠶᠢᠨ ᠬᠠᠷᠢᠭᠤᠯᠲᠠ ᠳᠤ ᠡᠴᠢᠭᠡ ᠡᠬᠡ ᠪᠤᠯᠤᠭᠰᠠᠳ ᠵᠤᠩᠬᠢᠯᠠᠬᠤ ᠬᠠᠷᠢᠴᠠᠯ ᠢ | ᠡᠵᠡᠯᠡᠨ᠎ᠡ᠃ | ᠦᠬᠡᠷ᠎ᠡ ᠪᠠᠷ ᠬᠡᠯᠡᠪᠡᠯ ᠠᠶᠢᠯ ᠬᠡᠷ ᠤᠨ ᠡᠳᠥᠷ ᠲᠤᠳᠤᠮ ᠤᠨ ᠠᠳᠠᠯ ᠠᠮᠢᠳᠤᠷᠠᠯ᠂ ᠠᠵᠢᠯ ᠬᠦᠳᠡᠯᠮᠥᠷᠢ᠂ | ᠥᠬᠡ ᠶᠠᠷᠢᠶ᠎ᠠ᠂ ᠤᠶᠢᠯᠡ ᠬᠦᠳᠡᠯᠤᠯ᠂ ᠵᠠᠩ ᠠᠷᠠᠨᠰᠢᠨ᠂ ᠡᠪ ᠨᠠᠶᠢᠷ᠂ ᠢᠳᠡᠬᠦ ᠤᠤᠭᠤᠬᠤ᠂ ᠡᠮᠥᠰᠴᠤ ᠵᠡᠬᠦᠬᠦ᠂ | ᠰᠠᠭᠤᠵᠤ ᠬᠡᠪᠲᠡᠬᠦ ᠮᠡᠲᠥ ᠶᠢᠨ ᠠᠯᠢᠪᠠ ᠪᠦᠬᠦᠨ ᠪᠦᠷ ᠬᠡᠥᠬᠡᠤᠨ ᠢ ᠰᠢᠭᠤᠤᠨ ᠪᠤᠶᠤ ᠳᠠᠮ ᠢᠶᠠᠷ ᠨᠦᠯᠦᠬᠡᠯᠡᠳᠡᠭ᠃ | ᠳᠠᠭᠤᠷᠢᠶᠠᠯ ᠤᠨ ᠬᠦᠴᠦᠨ ᠬᠢᠵᠠᠭᠠᠷ ᠥᠬᠡᠢ ᠶᠡᠭᠡ ᠬᠡᠳᠡᠭ ᠢᠶᠠᠷ ᠡᠴᠢᠭᠡ ᠡᠬᠡ ᠪᠤᠯᠤᠭᠰᠠᠳ ᠠᠯᠢᠪᠠ ᠵᠦᠢᠯ | ᠬᠡᠥᠬᠡᠤᠨ ᠤᠨ ᠦᠰᠦᠯᠲᠡ ᠪᠤᠶᠢᠵᠢᠯᠲᠠ᠂ ᠰᠤᠷᠭᠠᠨ ᠬᠥᠮᠥᠵᠢᠯ ᠳᠤ ᠦᠯᠦ ᠮᠡᠳᠡᠭ ᠨᠡᠪᠴᠢᠨ ᠤᠷᠤᠳᠠᠭ ᠠᠵᠤᠭᠤ᠃ | ᠬᠡᠥᠬᠡᠤᠨ ᠤᠨ ᠦᠰᠦᠯᠲᠡ ᠪᠤᠶᠢᠵᠢᠯᠲᠠ᠂ ᠬᠥᠮᠥᠨ ᠪᠤᠯᠬᠤ ᠪᠦᠬᠦ ᠶᠠᠪᠤᠴᠠ ᠳᠤ ᠡᠬᠡ ᠡᠴᠢᠬᠡ ᠶᠢᠨ ᠨᠦᠯᠦᠬᠡ | ᠲᠤᠰᠬᠠᠯ ᠬᠠᠮᠤᠭ ᠤᠨ ᠶᠡᠭᠡ ᠪᠠᠶᠢᠳᠠᠭ ᠴᠦ ᠡᠬᠦᠨ ᠤ ᠲᠤᠳᠤᠷ᠎ᠠ ᠡᠬᠡ ᠬᠥᠮᠥᠨ ᠤ ᠨᠦᠯᠦᠬᠡ ᠲᠤᠰᠬᠠᠯ ᠨᠢ | ᠬᠠᠷᠢᠴᠠᠩᠭᠤᠢ ᠪᠠᠷ ᠡᠴᠢᠬᠡ ᠶᠢᠨ ᠨᠦᠯᠦᠬᠡ ᠲᠤᠰᠬᠠᠯ ᠠᠴᠠ ᠶᠡᠭᠡ ᠪᠠᠶᠢᠳᠠᠭ᠃ ᠤᠴᠢᠷ ᠨᠢ ᠡᠬᠡ ᠬᠥᠮᠥᠨ | ᠬᠡᠥᠬᠡᠤᠨ ᠢᠶᠠᠨ ᠲᠦᠷᠦᠬᠦ ᠠᠴᠠ ᠡᠬᠢᠯᠡᠬᠡᠤᠨ ᠦᠰᠭᠡᠵᠤ ᠪᠤᠶᠢᠵᠢᠭᠤᠯᠬᠤ ᠬᠥᠨᠳᠥ ᠶᠡᠭᠡ ᠡᠬᠦᠷᠬᠡ ᠬᠠᠷᠢᠭᠤᠴᠠᠯᠭ᠎ᠠ ᠶᠢ | ᠡᠬᠦᠷᠬᠡᠯᠡᠵᠤ ᠪᠠᠶᠢᠳᠠᠭ ᠲᠤ ᠤᠷᠤᠰᠢᠨ᠎ᠠ᠃ ᠡᠬᠡ ᠬᠥᠮᠥᠨ ᠤ ᠡᠨᠡ ᠬᠦ ᠠᠴᠢ ᠭᠠᠪᠢᠶ᠎ᠠ ᠶᠢ ᠥᠨᠢᠲᠡ ᠪᠠᠲᠤ ᠴᠡᠬᠡᠵᠢᠯᠡᠬᠦ | ᠡᠬᠦᠳᠡᠨ ᠠᠴᠠ ᠬᠥᠮᠥᠨ ᠲᠦᠷᠦᠯᠬᠢᠲᠡᠨ ᠪᠦᠬᠦᠳᠡᠬᠡᠷ ᠢᠶᠠᠨ ᠡᠬᠡ ᠬᠥᠮᠥᠰ ᠢ ᠬᠥᠨᠳᠥᠤᠨᠬᠡᠵᠤ᠂ ᠬᠠᠶᠢᠷᠠᠯᠠᠵᠤ ᠶᠠᠪᠤᠬᠤ | ᠴᠢᠬᠤᠯᠠᠲᠡᠢ ᠶᠤᠮ᠃ ᠡᠬᠡ ᠬᠥᠮᠥᠨ ᠡᠩᠬᠦᠷᠡᠢ ᠦᠷ᠎ᠡ ᠪᠠᠨ ᠠᠷᠪᠠᠨ ᠰᠠᠷ᠎ᠠ ᠬᠡᠪᠡᠯᠢ ᠳᠡᠭᠡᠨ ᠲᠡᠭᠡᠭᠡᠵᠤ᠂ ᠠᠯᠢ ᠪᠠᠶᠢᠳᠠᠭ | ᠰᠢᠮ᠎ᠡ ᠲᠡᠵᠢᠬᠡᠯ᠂ ᠴᠢᠰᠤ ᠮᠢᠬ᠎ᠠ᠂ ᠬᠥᠴᠥ ᠴᠢᠳᠠᠯ ᠢᠶᠠᠨ ᠥᠷ᠎ᠡ ᠳᠡᠭᠡᠨ ᠶᠡᠬᠦᠯᠡᠵᠤ ᠬᠥᠮᠥᠨ ᠪᠤᠯᠭᠠᠳᠠᠭ᠃ ᠡᠨᠡ | ᠲᠤᠬᠠᠢ ᠲᠤᠰᠬᠠᠢ ᠮᠡᠷᠬᠡᠵᠢᠯᠲᠡᠤᠨ ᠤᠨ ᠲᠡᠶᠢᠯᠪᠤᠷᠢᠯᠡᠬᠤ ᠪᠠᠷ᠂ ᠬᠡᠥᠬᠡᠤᠨ ᠡᠬᠡ ᠶᠢᠨ ᠢᠶᠠᠨ ᠬᠡᠪᠡᠯᠢ ᠳᠤ ᠬᠥᠮᠥᠨ ᠪᠤᠯᠵᠤ | ᠪᠤᠶᠢᠵᠢᠬᠤ ᠶᠠᠪᠤᠴᠠ ᠳᠠᠭᠠᠨ ᠴᠠᠭ ᠢᠮᠠᠭᠲᠠ ᠡᠬᠡ ᠶᠢᠨ ᠢᠶᠠᠨ ᠳᠠᠭᠤ ᠠᠪᠢᠶ᠎ᠠ᠂ ᠵᠠᠩ ᠠᠷᠠᠨᠰᠢᠨ᠂ ᠬᠦᠳᠡᠯᠥᠯ | ᠪᠠᠶᠢᠳᠠᠯ ᠢ ᠨᠢ ᠴᠢᠩᠨᠠᠵᠤ᠂ ᠰᠤᠨᠤᠰᠴᠤ ᠰᠢᠩᠭᠡᠭᠡᠨ ᠠᠪᠳᠠᠭ ᠬᠡᠨ᠎ᠡ᠃ ᠡᠨᠡ ᠨᠢ ᠬᠡᠥᠬᠡᠤᠨ ᠬᠥᠮᠥᠨ ᠪᠤᠯᠵᠤ | ᠪᠤᠶᠢᠵᠢᠬᠤ ᠲᠠᠷᠠ ᠴᠠᠭ ᠮᠦᠴᠡ ᠠᠴᠠ ᠡᠬᠢᠯᠡᠵᠤ᠂ ᠡᠬᠡ ᠪᠠᠨ ᠲᠠᠨᠢᠵᠤ᠂ ᠡᠬᠡ ᠶᠢᠨ ᠢᠶᠠᠨ ᠨᠦᠯᠦᠬᠡ ᠲᠤᠰᠬᠠᠯ ᠢ | ᠬᠥᠷᠲᠡᠳᠡᠭ ᠬᠡᠰᠡᠨ ᠢ ᠮᠠᠰᠢ ᠲᠤᠳᠤᠷᠬᠠᠢ ᠨᠤᠲᠠᠯᠠᠵᠤ ᠦᠭᠴᠡᠢ᠃ | ᠡᠬᠡ ᠬᠥᠮᠥᠨ ᠬᠡᠥᠬᠡᠤᠨ ᠢᠶᠠᠨ ᠲᠦᠷᠦᠭᠰᠡᠨ ᠠᠴᠠ ᠬᠤᠶᠢᠰᠢ ᠴᠦ ᠬᠡᠥᠬᠡᠤᠨ ᠢᠶᠠᠨ ᠪᠤᠶᠢᠵᠢᠭᠤᠯᠵᠤ | ᠲᠤᠷᠨᠢᠭᠤᠯᠤᠨᠠ ᠬᠡᠵᠤ ᠪᠤᠢ ᠪᠦᠬᠦᠢ ᠤᠭᠤᠷᠠᠭ ᠰᠢᠮ᠎ᠡ᠂ ᠤᠶᠤᠨ ᠤᠬᠠᠭᠠᠨ᠂ ᠬᠥᠴᠥᠨ ᠴᠢᠳᠠᠯ ᠢᠶᠠᠨ ᠰᠢᠪᠬᠠᠵᠤ | ᠠᠷᠠᠴᠢᠯᠠᠵᠤ ᠳᠤᠳᠤᠮᠳᠠᠳᠠᠭ᠃ ᠪᠥᠪᠡᠢ ᠶᠢᠨ ᠳᠠᠭᠤᠤ ᠪᠠᠨ ᠠᠶᠠᠯᠠᠨ᠂ ᠬᠦᠬᠦᠨ ᠰᠦ ᠪᠠᠨ ᠢᠪᠢᠯᠳᠡᠭ᠂ ᠬᠦᠷᠪᠡᠵᠥ | ᠤᠷᠪᠠᠭ᠋ᠤ ᠳᠤᠨᠢ ᠤᠨᠠᠬᠤ ᠲᠤᠰᠬᠤ᠂ ᠮᠦᠷᠬᠦᠬᠦ ᠠᠴᠠ ᠠᠶᠤᠵᠤ ᠬᠢᠴᠢᠶᠡᠳᠡᠭ᠂ ᠶᠤᠭᠤᠵᠤ ᠮᠦᠯᠬᠦᠬᠦ ᠥᠶ᠎ᠡ ᠳᠤᠨᠢ ᠭᠠᠷ | ᠬᠦᠯ ᠠᠴᠠ ᠨᠢ ᠳᠡᠮᠨᠡᠵᠥ ᠬᠥᠴᠥᠯᠡᠵᠤ ᠵᠣᠷᠢᠭᠵᠢᠭᠤᠯᠳᠠᠭ᠂ ᠲᠡᠨᠲᠦᠷ ᠮᠦᠨᠳᠦᠷ ᠠᠯᠬᠤᠵᠤ ᠰᠤᠷᠬᠤ ᠳᠤᠨᠢ ᠤᠷᠮ᠎ᠠ | ᠬᠠᠶᠢᠷᠠᠯᠠᠵᠤ᠂ ᠵᠤᠷᠢᠭ ᠬᠥᠴᠥ ᠦᠭᠴᠥ ᠤᠷᠤᠭᠰᠢ ᠨᠢ ᠬᠦᠲᠥᠯᠳᠡᠭ᠃ ᠡᠨᠡ ᠪᠣᠯ ᠡᠬᠡ ᠬᠥᠮᠥᠨ ᠤ ᠠᠭᠤᠤ ᠶᠡᠭᠡ | ᠬᠠᠶᠢᠷ᠎ᠠ᠂ ᠦᠬᠡᠷ᠎ᠡ ᠶᠠᠮᠠᠷ ᠴᠤ ᠶᠠᠭᠤᠮ᠎ᠠ ᠪᠠᠷ ᠤᠷᠤᠯᠠᠭᠳᠠᠰᠢ ᠥᠬᠡᠢ ᠠᠴᠢ ᠢᠪᠡᠬᠡᠯ ᠪᠠᠶᠢᠭ᠎ᠠ ᠶᠤᠮ᠃ ᠬᠡᠥᠬᠡᠤᠨ | ᠥᠬᠡ ᠬᠡᠯᠡ ᠰᠤᠷᠴᠤ᠂ ᠬᠦᠯ ᠳᠤ ᠤᠷᠤᠮᠠᠭᠴᠠ ᠡᠬᠡ ᠪᠠᠨ ᠬᠤᠷᠮᠦ᠋ᠢᠳᠡᠵᠤ ᠳᠠᠭᠠᠭᠠᠤᠨ ᠬᠡᠯᠡᠬᠦ ᠥᠬᠡ᠂ ᠬᠢᠬᠦ ᠠᠵᠢᠯ | ᠪᠦᠬᠦᠳᠡ ᠶᠢ ᠨᠢ ᠦ ᠰᠡᠪ ᠥᠬᠡᠢ ᠳᠠᠭᠤᠷᠢᠶᠠᠵᠤ ᠬᠥᠢᠴᠡᠤᠨᠬᠡᠳᠡᠭ᠃ ᠳᠡᠬᠡᠷ᠎ᠡ ᠵᠠᠭᠤᠨ ᠤ ᠨᠠᠶᠠᠭᠠᠤᠨ ᠤᠨ ᠤ | ᠡᠬᠢᠨ ᠳᠤ ᠨᠢᠬᠡᠨ ᠮᠠᠯᠴᠢᠨ ᠠᠶᠢᠯ ᠳᠤ ᠡᠶᠢᠮᠥ ᠨᠢᠬᠡᠨ ᠥᠯᠢᠬᠡᠷ ᠡᠬᠦᠰᠴᠡᠢ᠄ ᠨᠢᠭᠡᠠ ᠪᠥᠰᠡᠬᠦᠢ 2 ᠨᠠᠰᠤᠲᠠᠢ | ᠬᠥᠥ ᠪᠠᠨ ᠬᠦᠬᠦᠭᠦᠯᠥᠬᠡᠤᠨ ᠰᠠᠭᠤᠵᠤ ᠪᠠᠶᠢᠲᠠᠯ᠎ᠠ ᠬᠡᠨᠡᠳᠲᠡ ᠥᠨᠢᠶ᠎ᠡ ᠲᠤᠭᠤᠯ ᠤᠨ ᠮᠦᠬᠡᠷᠡᠯᠳᠥᠬᠦ ᠳᠠᠭᠤᠨ | ᠭᠠᠷᠤᠭᠰᠠᠨ ᠳᠤ᠂ ᠪᠦᠰᠡᠭᠦᠢ ᠬᠥᠥ ᠪᠠᠨ ᠲᠥᠯᠬᠢᠵᠥ ᠲᠠᠯᠪᠢᠮᠠᠭᠴᠠ ᠶᠠᠭᠠᠷᠠᠦ ᠰᠠᠨᠳᠤᠷᠤᠤ ᠬᠥᠶᠥᠵᠥ ᠭᠠᠷᠬᠤ ᠳᠠᠭᠠᠨ | ᠬᠠᠲᠠᠪᠴᠢᠨ ᠳᠠᠭᠠᠨ ᠪᠦᠳᠥᠷᠢᠵᠤ ᠰᠠᠨᠠᠭᠠᠨ ᠳᠤ ᠥᠬᠡᠢ ︽ᠢᠯᠡᠢ ᠬᠠᠯᠠᠭ︾ ᠬᠡᠮᠡᠨ ᠶᠡᠬᠡᠳᠡ ᠤᠤᠯᠭ᠎ᠠ ᠠᠯᠳᠠᠵᠠᠢ᠃ | ᠲᠥᠯᠬᠢᠭᠳᠡᠵᠥ ᠬᠤᠴᠤᠷᠤᠭᠰᠠᠨ ᠬᠥᠥ ᠡᠬᠦᠨ ᠢ ᠨᠢ ᠰᠤᠨᠤᠰᠤᠭᠰᠠᠨ ᠠᠴᠠ ᠬᠤᠶᠢᠰᠢ᠂ ᠶᠠᠭᠤᠮ᠎ᠠ ᠪᠦᠬᠦᠨ ᠳᠤ ︽ | ᠢᠯᠡᠢ ᠬᠠᠯᠠᠭ︾ ᠬᠡᠳᠡᠭ ᠪᠤᠯᠤᠭᠰᠠᠨ ᠬᠡᠨ᠎ᠡ᠃ ᠬᠡᠨ ᠴᠢᠮ᠎ᠠ ᠳᠤ ᠵᠢᠭᠠᠵᠤ ᠦᠭᠬᠦᠭᠰᠡᠨ ᠶᠤᠮ ᠪᠤᠢ ᠬᠡᠵᠤ | ᠠᠰᠠᠭᠤᠭᠰᠠᠨ ᠳᠤ᠂ ᠪᠢ ᠡᠵᠢ ᠠᠴᠠ ᠪᠠᠨ ᠰᠤᠷᠤᠭᠰᠠᠨ ᠬᠡᠵᠤ ᠬᠡᠯᠡᠬᠡᠤᠨ ᠢᠨᠢᠶᠡᠳᠥᠮ ᠱᠤᠭ ᠪᠤᠯᠵᠤ ᠪᠠᠶᠢᠭᠰᠠᠨ | ᠭᠡᠳᠡᠭ᠃ | ᠡᠨᠡ ᠶᠠᠭᠤ ᠶᠢ ᠬᠠᠷᠠᠭᠤᠯᠵᠤ ᠪᠠᠶᠢᠬᠤ ᠪᠤᠢ ᠬᠡᠪᠡᠯ ᠳᠠᠷᠤᠢ ᠬᠡᠥᠬᠡᠤᠨ ᠤᠨ ᠳᠠᠭᠤᠷᠢᠶᠠᠬᠤ ᠠᠪᠢᠶᠠᠰ ᠮᠥᠨ᠃ | ᠬᠡᠥᠬᠡᠤᠨ ᠤᠨ ᠳᠠᠭᠤᠷᠢᠶᠠᠬᠤ ᠴᠢᠳᠠᠪᠤᠷᠢ ᠤᠨᠴᠠ ᠰᠡᠶᠢᠨ᠂ ᠡᠨᠡ ᠬᠦ ᠴᠢᠳᠠᠪᠤᠷᠢ ᠪᠠᠷ ᠢᠶᠠᠨ ᠲᠤᠮᠤᠴᠤᠤᠯ ᠠᠴᠠ ᠪᠠᠨ | ᠶᠠᠭᠤᠮ᠎ᠠ ᠰᠤᠷᠤᠨ᠎ᠠ᠂ ᠥᠬᠡ ᠶᠡᠷᠢᠶ᠎ᠠ᠂ ᠤᠶᠢᠯᠡ ᠬᠦᠳᠡᠯᠦᠯ᠂ ᠠᠵᠢᠯ ᠬᠦᠳᠡᠯᠮᠥᠷᠢ᠂ ᠠᠮᠢᠳᠤᠷᠠᠯ ᠠᠬᠤᠢ ᠨᠠᠭᠠᠳᠤᠮ | ᠲᠤᠭᠯᠠᠭᠠᠮ ᠬᠡᠤᠨ ᠦᠷᠲᠥᠭᠰᠡᠨ ᠪᠦᠬᠦᠨ ᠠᠴᠠ ᠢᠯᠭᠠᠯ ᠥᠬᠡᠢ ᠰᠤᠷᠴᠤ ᠠᠪᠳᠠᠭ᠃ ᠡᠨᠡ ᠪᠣᠯ ᠬᠡᠥᠬᠡᠤᠨ ᠤᠨ | ᠦᠪᠡᠷᠮᠢᠴᠡ ᠤᠨᠴᠠᠯᠢᠭ ᠤᠨ ᠨᠢᠬᠡ ᠪᠤᠯᠤᠨ᠎ᠠ᠃ ᠲᠡᠬᠡᠬᠦ ᠳᠤ ᠴᠠᠭ ᠢᠮᠠᠭᠲᠠ ᠳᠡᠷᠬᠡᠳᠡ ᠠᠴᠠ ᠨᠢ ᠰᠠᠯᠳᠠᠭ ᠥᠬᠡᠢ | ᠡᠬᠡ ᠶᠢᠨ ᠨᠥᠯᠥᠬᠡ ᠲᠤᠰᠬᠠᠯ ᠬᠠᠮᠤᠭ ᠠᠴᠠ ᠶᠡᠭᠡ᠂ ᠳᠠᠭᠠᠵᠤ ᠳᠠᠭᠤᠷᠢᠶᠠᠬᠤ ᠵᠥᠢᠯᠡᠰ ᠨᠢ ᠴᠦ ᠵᠠᠶᠢᠯᠠᠰᠢ ᠥᠬᠡᠢ | ᠬᠠᠮᠤᠭ ᠤᠨ ᠠᠷᠪᠢᠨ ᠪᠠᠶᠢᠳᠠᠭ ᠤᠴᠢᠷᠲᠠᠢ᠃ ᠡᠶᠢᠮᠥ ᠠᠴᠠ ᠬᠡᠥᠬᠡᠤᠨ ᠠᠩᠭ᠎ᠠ ᠪᠠᠭ᠎ᠠ ᠨᠠᠰᠤᠨ ᠳᠠᠭᠠᠨ ᠡᠬᠡ ᠪᠠᠨ | ᠳᠠᠭᠤᠷᠢᠶᠠᠵᠤ ᠪᠤᠶᠢᠵᠢᠵᠤ ᠲᠤᠷᠨᠢᠳᠠᠭ ᠬᠡᠬᠦ ᠳᠤ ᠢᠯᠡᠬᠦᠳᠡᠬᠦ ᠵᠥᠢᠯ ᠠᠯᠠᠭ᠎ᠠ᠃ ᠬᠡᠥᠬᠡᠤᠨ ᠤᠨ ᠳᠠᠭᠤᠷᠢᠶᠠᠬᠤ | ᠤᠨᠴᠠᠭᠠᠢ ᠠᠪᠢᠶᠠᠰ ᠴᠢᠳᠠᠪᠤᠷᠢ ᠶᠢᠨ ᠡᠮᠥᠨ᠎ᠡ᠂ ᠡᠬᠡ ᠪᠤᠯᠤᠭᠰᠠᠤᠨ ᠪᠡᠶ᠎ᠡ ᠳᠡᠭᠡᠨ ᠡᠷᠬᠡᠪᠰᠢ ᠴᠢᠩᠭ᠎ᠠ ᠱᠠᠭᠠᠷᠳᠠᠯᠭ᠎ᠠ | ᠲᠠᠯᠪᠢᠵᠤ᠂ ᠠᠯᠢᠪᠠ ᠰᠡᠶᠢᠨ ᠰᠡᠶᠢᠬᠠᠨ ᠤ ᠥᠯᠢᠬᠡᠷ ᠵᠢᠱᠢᠶ᠎ᠡ᠂ ᠬᠡᠪ ᠳᠠᠭᠤᠷᠢᠶᠠᠯ ᠪᠤᠯᠬᠤ ᠴᠢᠬᠤᠯᠠᠲᠡᠢ᠃ | ᠵᠢᠱᠢᠶᠡᠯᠡᠬᠦ ᠳᠤ᠂ ᠥᠬᠡ ᠶᠡᠷᠢᠶ᠎ᠠ ᠪᠤᠯᠪᠠᠰᠤᠨ ᠶᠤᠰᠤᠷᠬᠠᠭ᠂ ᠤᠶᠢᠯᠡ ᠠᠵᠢᠯᠯᠠᠭ᠎ᠠ ᠤᠶᠠᠨ ᠬᠠᠳᠠᠨ᠂ ᠨᠠᠷᠢᠨ | ᠬᠢᠨᠠᠮᠠᠭᠠᠢ ᠮᠦᠷᠲᠡᠬᠡᠨ ᠲᠠᠭᠠᠭᠠᠮᠠᠭᠠᠢ᠂ ᠠᠵᠢᠯᠴᠢ ᠬᠦᠳᠡᠯᠮᠥᠷᠢᠴᠢ᠂ ᠠᠷᠪᠢᠴᠢ ᠪᠤᠷᠤᠭᠵᠢᠭᠤᠨ᠂ ᠬᠡᠷ ᠵᠠᠭᠤᠷ᠎ᠠ ᠪᠠᠨ | ᠡᠶᠡᠯᠰᠡᠭ ᠲᠤᠲᠤᠨᠤ᠂ ᠨᠠᠰᠤᠲᠠᠨ ᠲᠤᠮᠤᠭᠠᠲᠠᠨ ᠢᠶᠠᠨ ᠬᠠᠶᠢᠷᠠᠯᠠᠨ ᠬᠥᠨᠳᠥᠯᠡᠳᠡᠭ᠂ ᠠᠶᠢᠯ ᠰᠠᠭᠠᠬᠠᠯᠲᠠ ᠲᠠᠢ ᠪᠠᠨ | ᠡᠪᠲᠡᠢ ᠨᠠᠶᠢᠷᠲᠠᠢ᠂ ᠦᠪᠡᠷ ᠤᠨ ᠪᠡᠶ᠎ᠡ ᠳᠡᠭᠡᠨ ᠴᠢᠩᠭ᠎ᠠ ᠱᠠᠭᠠᠷᠳᠠᠯᠭ᠎ᠠ ᠲᠠᠢ᠂ ᠴᠠᠭ ᠢᠮᠠᠭᠲᠠ ᠴᠢᠷᠮᠡᠶᠢᠨ | ᠰᠤᠷᠤᠯᠴᠠᠳᠠᠭ᠂ ᠤᠷᠤᠭᠰᠢ ᠲᠠᠪᠰᠢᠬᠤ ᠬᠥᠰᠡᠯ ᠵᠤᠷᠢᠯᠲᠠ ᠲᠠᠢ ᠪᠠᠶᠢᠬᠤ ᠵᠡᠷᠬᠡ ᠤᠯᠠᠨ ᠲᠠᠯ᠎ᠠ ᠪᠠᠷ ᠬᠡᠪ ᠳᠠᠭᠤᠷᠢᠶᠠᠯ | ᠪᠤᠯᠬᠤ ᠶᠢ ᠬᠢᠴᠢᠶᠡᠬᠦ ᠬᠡᠷᠡᠭᠲᠡᠢ᠃ ᠢᠡᠭᠬᠢᠪᠡᠯ ᠰᠠᠶ᠋ᠢ ᠬᠡᠤᠬᠡᠤᠨ ᠡᠴᠢᠬᠡ ᠡᠬᠡ ᠪᠠᠨ ᠬᠥᠰᠡᠷᠳᠡᠬᠦᠯᠬᠦ ᠥᠬᠡᠢ᠂ ᠡᠯᠪᠡᠷᠢᠯ | ᠵᠢᠷᠤᠮ ᠲᠠᠢ᠂ ᠨᠡᠶᠢᠬᠡᠮ ᠨᠡᠶᠢᠲᠡ᠂ ᠤᠯᠤᠰ ᠤᠷᠤᠨ ᠳᠠᠭᠠᠨ ᠬᠡᠷᠡᠭᠴᠡᠭᠡ ᠲᠠᠢ ᠬᠥᠮᠥᠨ ᠪᠤᠯᠵᠤ ᠴᠢᠳᠠᠨ᠎ᠠ︕ |