ᠠᠦ᠋ᠰᠳ᠋ᠷᠠᠯᠢᠶ᠎ᠠ ᠶᠢᠨ ᠰᠢᠳ᠋ᠨᠢ ᠶᠡᠭᠡ ᠰᠤᠷᠭᠠᠭᠤᠯᠢ ᠪᠠ ᠠᠩᠭ᠍ᠯᠢ ᠶᠢᠨ ᠯᠤᠨᠳᠤᠨ ᠶᠡᠭᠡ ᠰᠤᠷᠭᠠᠭᠤᠯᠢ ᠶᠢᠨ | ᠳᠡᠭᠡᠳᠦ ᠰᠤᠷᠭᠠᠭᠤᠯᠢ ᠶᠢᠨ ᠰᠤᠳᠤᠯᠭᠠᠲᠠᠳ ᠤᠨ ᠳᠠᠭᠠᠭᠤᠯᠤᠨ ᠥᠷᠨᠢᠭᠦᠯᠦᠭᠰᠡᠨ ᠨᠢᠭᠡᠨ ᠰᠢᠨ᠎ᠡ ᠰᠤᠳᠤᠯᠭᠠᠨ ᠳᠤ | ᠬᠠᠷᠠᠭᠤᠯᠤᠬᠰᠡᠨ ᠢᠶᠠᠷ᠂ ᠡᠳᠦᠷ ᠪᠦᠷᠢ ᠪᠠᠭ᠎ᠠ ᠬᠡᠮᠵᠢᠶᠡᠨ ᠤ ᠪᠡᠶ᠎ᠡ ᠶᠢᠨ ᠲᠠᠮᠢᠷ ᠤᠨ ᠪᠣᠯᠪᠠᠰᠤᠷᠠᠯ᠂ ᠵᠢᠱᠢᠶᠡᠯᠡᠪᠡᠯ | ᠭᠦᠶᠦᠬᠦ᠂ ᠳᠤᠭᠤᠶ ᠤᠨᠤᠬᠤ ᠪᠤᠶᠤ ᠱᠠᠲᠤ ᠠᠪᠠᠷᠢᠬᠤ ᠵᠡᠷᠭᠡ ᠨᠢ ᠴᠢᠰᠤᠨ ᠳᠠᠷᠤᠯᠲᠠ ᠶᠢ ᠪᠠᠭᠤᠷᠠᠭᠤᠯᠬᠤ ᠳᠤ | ᠠᠰᠢᠭᠲᠠᠶ ᠪᠠᠶᠢᠳᠠᠭ᠃ ᠬᠤᠯᠪᠤᠬᠳᠠᠯ ᠪᠦᠬᠦᠢ ᠥᠭᠦᠯᠡᠯ ᠨᠢᠭᠡᠨᠲᠡ ᠠᠮᠧᠷᠢᠺᠠ ᠶᠢᠨ ᠵᠢᠷᠦᠬᠡᠨ ᠤ ᠨᠡᠶᠢᠭᠡᠮᠯᠢᠭ ᠤᠨ | ᠡᠷᠬᠢᠯᠡᠭᠰᠡᠨ ︽ᠣᠷᠴᠢᠯ︾ ᠰᠡᠳᠬᠦᠯ ᠳᠡᠭᠡᠷ᠎ᠡ ᠨᠡᠶᠢᠲᠡᠯᠡᠭᠳᠡᠵᠡᠢ᠃ | ᠰᠢᠳ᠋ᠨᠢ ᠶᠡᠭᠡ ᠰᠤᠷᠭᠠᠭᠤᠯᠢ ᠣᠶᠢᠷ᠎ᠠ ᠳᠤ ᠰᠣᠨᠢᠨ ᠮᠡᠳᠡᠭᠡᠨ ᠤ ᠠᠯᠪᠠᠨ ᠮᠡᠳᠡᠭᠡ ᠨᠡᠶᠢᠲᠡᠯᠡᠵᠦ᠂ ᠴᠢᠰᠤᠨ | ᠳᠠᠷᠤᠯᠲᠠ ᠥᠨᠳᠥᠷ ᠨᠢ ᠪᠥᠬᠦ ᠳᠡᠯᠡᠬᠡᠶ ᠶᠢᠨ 12. 8 ᠳ᠋ᠦᠩᠰᠢᠭᠤᠷ ᠣᠷᠴᠢᠮ ᠨᠠᠰᠤᠨ ᠳᠤ ᠭᠦᠷᠦᠭᠰᠡᠳ ᠢ | ᠨᠥᠯᠥᠭᠡᠯᠡᠵᠦ᠂ ᠰᠠ ᠡᠪᠡᠳᠴᠢᠨ᠂ ᠵᠢᠷᠦᠬᠡᠨ ᠡᠪᠡᠳᠴᠢᠨ᠂ ᠵᠢᠷᠦᠬᠡᠨ ᠲᠠᠮᠢᠷ ᠮᠠᠭᠤᠳᠠᠬᠤ᠂ ᠪᠥᠭᠡᠷ᠎ᠡ ᠶᠢᠨ ᠭᠡᠮᠲᠦᠯ | ᠵᠡᠷᠭᠡ ᠠᠯᠢ ᠣᠯᠠᠨ ᠡᠷᠡᠭᠦᠯ ᠮᠡᠨᠳᠦ ᠶᠢᠨ ᠠᠰᠠᠭᠤᠳᠠᠯ ᠢ ᠡᠭᠦᠰᠭᠡᠵᠦ ᠮᠡᠳᠡᠨ᠎ᠡ᠂ ᠢᠯᠡᠷᠡᠯ ᠨᠢ ᠢᠯᠡᠷᠬᠡᠶ ᠪᠤᠰᠤ ᠠᠴᠠ | ᠪᠣᠯᠵᠣ ᠦᠷᠭᠦᠯᠵᠢ ︽ᠳᠤᠭᠤᠶ ᠶᠠᠷᠭᠠᠴᠢᠨ︾ ᠬᠡᠮᠡᠭᠳᠡᠳᠡᠭ ᠭᠡᠵᠤ ᠬᠡᠯᠡᠪᠡ᠃ ᠥᠭᠦᠯᠡᠯ ᠤᠨ ᠴᠢᠮᠡᠭᠡᠯᠡᠯ ᠤᠨ | ᠵᠣᠬᠢᠶᠠᠭᠴᠢ ᠶᠢᠨ ᠨᠢᠭᠡ᠂ ᠰᠢᠳ᠋ᠨᠢ ᠶᠡᠭᠡ ᠰᠤᠷᠭᠠᠭᠤᠯᠢ ᠶᠢᠨ ᠴᠠᠷᠯᠧᠰ · ᠫᠤᠷᠺᠢᠨᠰ ᠲᠥᠪ ᠤᠨ ᠫᠷᠤᠹᠧᠰᠰᠤᠷ | ᠠᠶᠢᠮᠠᠨᠢᠦ᠋ᠢᠢᠢᠷ · ᠰᠲ᠋ᠠᠮᠠᠲ᠋ᠠᠵᠢᠰ᠂ ᠴᠢᠰᠤᠨ ᠳᠠᠷᠤᠯᠲᠠ ᠥᠨᠳᠥᠷ ᠪᠣᠯ ᠪᠥᠬᠦ ᠪᠥᠮᠪᠥᠷᠴᠡᠭ ᠤᠨ ᠬᠠᠮᠤᠭ ᠤᠨ ᠭᠤᠤᠯ | ᠪᠣᠯᠬᠤ ᠡᠷᠡᠭᠦᠯ ᠮᠡᠨᠳᠦ ᠶᠢᠨ ᠠᠰᠠᠭᠤᠳᠠᠯ ᠤᠨ ᠨᠢᠭᠡ ᠮᠥᠨ᠂ ᠭᠡᠪᠡᠴᠦ ᠪᠤᠰᠤᠳ ᠵᠠᠷᠢᠮ ᠠᠮᠢᠨ ᠳᠤ ᠬᠦᠷᠬᠦ | ᠪᠣᠯᠤᠮᠵᠢ ᠲᠠᠢ ᠵᠢᠷᠦᠬᠡ ᠴᠢᠰᠤᠨ ᠰᠤᠳᠠᠯ ᠤᠨ ᠡᠪᠡᠳᠴᠢᠨ ᠲᠠᠢ ᠠᠳᠠᠯᠢ ᠥᠬᠡᠶ᠂ ᠡᠮ ᠢᠶᠠᠷ ᠵᠠᠰᠠᠬᠤ ᠠᠴᠠ ᠭᠠᠳᠠᠨ᠎ᠠ᠂ | ᠴᠢᠰᠤᠨ ᠳᠠᠷᠤᠯᠲᠠ ᠥᠨᠳᠥᠷ ᠡᠪᠡᠳᠴᠢᠨ ᠢ ᠪᠠᠰᠠ ᠬᠠᠷᠢᠴᠠᠩᠭᠤᠶ ᠬᠢᠯᠪᠠᠷ ᠠᠷᠭ᠎ᠠ ᠪᠠᠷ ᠠᠷᠭᠠᠴᠠᠭᠠᠵᠤ ᠮᠡᠳᠡᠨ᠎ᠡ ᠭᠡᠵᠤ | ᠵᠢᠭᠠᠵᠤ ᠭᠠᠷᠭᠠᠪᠠ᠃ | ᠰᠤᠳᠤᠯᠭᠠᠨ ᠤ ᠪᠦᠯᠬᠦᠮ ᠤᠨ ᠬᠢᠨ 5 ᠤᠯᠤᠰ ᠠᠴᠠ ᠢᠷᠡᠭᠰᠡᠨ 1.4 ᠲᠦᠮᠡ ᠭᠠᠷᠤᠶ ᠰᠠᠶᠢᠨ | ᠲᠤᠷᠠᠴᠤᠳ ᠤᠨ ᠡᠷᠡᠭᠦᠯ ᠮᠡᠨᠳᠦ ᠶᠢᠨ ᠲᠤᠭ᠎ᠠ ᠪᠠᠷᠢᠮᠲᠠ ᠳᠤ ᠵᠠᠳᠠᠯᠤᠯᠲᠠ ᠬᠢᠵᠦ᠂ ᠨᠢᠭᠡ ᠡᠳᠦᠷ ᠤᠨ ᠳᠣᠲᠣᠷ᠎ᠠ ᠨᠢᠭᠡ | ᠵᠦᠢᠯ ᠤᠨ ᠬᠥᠳᠡᠯᠭᠡᠭᠡᠨ ᠤ ᠠᠵᠢᠯᠯᠠᠭ᠎ᠠ ᠪᠣᠯᠤᠨ ᠴᠢᠰᠤᠨ ᠳᠠᠷᠤᠯᠲᠠ ᠶᠢᠨ ᠬᠤᠭᠤᠷᠣᠨᠳᠣᠬᠢ ᠬᠠᠷᠢᠴᠠᠭ᠎ᠠ ᠶᠢ | ᠰᠤᠳᠤᠯᠬᠤ ᠪᠠᠷ ᠪᠠᠶᠢᠨ᠎ᠠ᠃ ᠣᠷᠣᠯᠴᠠᠭᠴᠢ ᠶᠢᠨ ᠡᠳᠦᠷ ᠲᠤᠲᠤᠮ ᠤᠨ ᠬᠥᠳᠡᠯᠭᠡᠭᠡᠨ ᠢ ᠤᠨᠲᠠᠬᠤ᠂ ᠤᠳᠠᠭᠠᠨ | ᠰᠠᠭᠤᠬᠤ᠂ ᠤᠳᠠᠭᠠᠨ ᠶᠠᠪᠤᠬᠤ᠂ ᠲᠦᠷᠭᠡᠨ ᠶᠠᠪᠤᠬᠤ᠂ ᠵᠣᠭᠰᠣᠬᠤ ᠪᠠ ᠨᠡᠯᠢᠶᠡᠳ ᠰᠢᠷᠦᠭᠦᠨ ᠬᠥᠳᠡᠯᠭᠡᠭᠡᠨ ︵ | ᠭᠦᠶᠦᠬᠦ᠂ ᠳᠤᠭᠤᠶ ᠤᠨᠤᠬᠤ ᠪᠤᠶᠤ ᠠᠰᠠᠷ ᠤᠨ ᠱᠠᠲᠤ ᠠᠪᠠᠷᠢᠬᠤ ᠵᠡᠷᠭᠡ︶ ᠭᠡᠬᠦ ᠵᠢᠷᠭᠤᠭᠠᠨ ᠲᠥᠷᠥᠯ ᠳᠤ | ᠬᠤᠪᠢᠶᠠᠨ᠎ᠠ᠃ ᠣᠷᠣᠯᠴᠠᠭᠴᠢ ᠪᠣᠯᠭᠠᠨ ᠪᠦᠷ ᠭᠤᠶ᠎ᠠ ᠳᠡᠭᠡᠷ᠎ᠡ ᠪᠠᠨ ᠬᠤᠷᠳᠤᠴᠠ ᠨᠡᠮᠡᠬᠦ ᠬᠡᠮᠵᠢᠭᠦᠷ ᠵᠡᠭᠦᠵᠦ᠂ | ᠲᠡᠳᠡᠨ ᠤ ᠪᠦᠬᠦ ᠡᠳᠦᠷ ᠤᠨ ᠬᠥᠳᠡᠯᠭᠡᠭᠡᠨ ᠵᠡᠷᠭᠡ ᠶᠢ ᠬᠡᠮᠵᠢᠨ᠎ᠡ᠃ ᠰᠤᠳᠤᠯᠭᠠᠨ ᠤ ᠪᠦᠯᠬᠦᠮ ᠵᠠᠭᠪᠤᠷ ᠢᠶᠠᠷ ᠳᠠᠮᠵᠢᠨ | ᠣᠷᠣᠯᠴᠠᠭᠴᠢ ᠶᠢᠨ ᠡᠯ᠎ᠡ ᠵᠦᠢᠯ ᠤᠨ ᠬᠥᠳᠡᠯᠭᠡᠭᠡᠨ ᠤ ᠬᠡᠯᠪᠡᠷᠢ ᠶᠢᠨ ᠬᠤᠭᠤᠷᠣᠨᠳᠣ ᠰᠣᠯᠢᠬᠤ ᠨᠢ ᠴᠢᠰᠤᠨ | ᠳᠠᠷᠤᠯᠲᠠ ᠳᠤ ᠦᠵᠡᠭᠦᠯᠬᠦ ᠨᠥᠯᠥᠭᠡ ᠶᠢ ᠪᠠᠷᠤᠭᠴᠠᠭᠠᠯᠠᠨ ᠪᠣᠳᠣᠵᠠᠢ᠃ | ᠰᠤᠳᠤᠯᠭᠠᠨ ᠳᠤ ᠵᠢᠱᠢᠭᠰᠡᠨ ᠢᠶᠠᠷ᠂ ᠡᠳᠦᠷ ᠪᠦᠷᠢ ᠢᠯᠡᠭᠦᠦ 5 ᠮᠢᠨᠦ᠋ᠲ ᠬᠥᠳᠡᠯᠭᠡᠭᠡᠨ ᠬᠢᠪᠡᠯ ᠴᠢᠰᠤᠨ | ᠳᠠᠷᠤᠯᠲᠠ ᠶᠢ ᠮᠡᠳᠡᠭᠳᠡᠮ᠎ᠡ ᠪᠠᠭᠤᠷᠠᠭᠤᠯᠵᠤ ᠴᠢᠳᠠᠨ᠎ᠠ︔ ᠡᠳᠦᠷ ᠪᠦᠷᠢ 20 — 27 ᠮᠢᠨᠦ᠋ᠲ ᠨᠡᠯᠢᠶᠡᠳ | ᠰᠢᠷᠦᠭᠦᠨ ᠬᠥᠳᠡᠯᠭᠡᠭᠡᠨ ᠢᠶᠠᠷ ᠤᠳᠠᠭᠠᠨ ᠰᠠᠭᠤᠬᠤ ᠶᠢ ᠣᠷᠣᠯᠠᠭᠤᠯᠪᠠᠯ᠂ ᠡᠮᠴᠢᠯᠡᠭᠡᠨ ᠤ ᠠᠴᠢ ᠬᠤᠯᠪᠣᠭᠳᠠᠯ ᠲᠠᠢ | ᠴᠢᠰᠤᠨ ᠳᠠᠷᠤᠯᠲᠠ ᠶᠢ ᠪᠠᠭᠤᠷᠠᠭᠤᠯᠵᠤ ᠮᠡᠳᠡᠬᠦ ᠪᠥᠭᠡᠳ ᠬᠠᠮᠲᠤᠯᠢᠭ ᠤᠨ ᠲᠠᠯ᠎ᠠ ᠠᠴᠠ ᠵᠢᠷᠦᠬᠡ ᠴᠢᠰᠤᠨ ᠰᠤᠳᠠᠯ ᠤᠨ | ᠡᠪᠡᠳᠴᠢᠨ ᠤ ᠡᠭᠦᠰᠭᠦ ᠨᠣᠷᠮ᠎ᠠ ᠶᠢ 28 % ᠳᠤ ᠬᠦᠷᠲᠡᠯ᠎ᠡ ᠪᠠᠭᠤᠷᠠᠭᠤᠯᠵᠤ ᠮᠡᠳᠡᠨ᠎ᠡ᠃ ᠰᠤᠳᠤᠯᠭᠠᠨ ᠤ ᠠᠵᠢᠯᠲᠠᠨ᠂ | ᠡᠨᠡ ᠬᠦ ᠰᠢᠨ᠎ᠡ ᠰᠤᠳᠤᠯᠭᠠᠨ ᠳᠤ ᠬᠠᠷᠠᠭᠤᠯᠤᠬᠰᠡᠨ ᠢᠶᠠᠷ᠂ ᠪᠣᠳᠠᠭᠠᠯᠢ ᠪᠡᠶ᠎ᠡ ᠶᠢᠨ ᠪᠠᠶᠢᠳᠠᠯ ᠶᠠᠮᠠᠷ ᠪᠠᠶᠢᠭᠰᠠᠨ ᠴᠤ᠂ | ᠡᠳᠦᠷ ᠪᠦᠷᠢ ᠣᠬᠤᠷ ᠬᠤᠭᠤᠴᠠᠭᠠᠨ ᠤ ᠬᠥᠳᠡᠯᠭᠡᠭᠡᠨ ᠬᠢᠪᠠᠯ ᠴᠢᠰᠤᠨ ᠳᠠᠷᠤᠯᠲᠠ ᠳᠤ ᠢᠳᠡᠪᠬᠢᠲᠡᠶ ᠨᠥᠯᠥᠭᠡ | ᠦᠵᠡᠭᠦᠯᠵᠦ ᠮᠡᠳᠡᠨ᠎ᠡ᠃ ᠡᠨᠡ ᠬᠦ ᠰᠤᠳᠤᠯᠭᠠᠨ ᠤ ᠨᠢᠭᠡ ᠣᠨᠴᠠᠭᠠᠶ ᠲᠠᠯ᠎ᠠ ᠭᠡᠪᠡᠯ ᠨᠡᠶᠢᠲᠡ ᠶᠢᠨ ᠮᠠᠰᠢᠨ ᠲᠡᠷᠭᠡ᠂ | ᠣᠶᠢᠷ᠎ᠠ ᠵᠠᠮ ᠤᠨ ᠳᠤᠭᠤᠶ ᠲᠡᠷᠭᠡ ᠵᠡᠷᠭᠡ ᠡᠳᠦᠷ ᠲᠤᠲᠤᠮ ᠤᠨ ᠬᠥᠳᠡᠯᠭᠡᠭᠡᠨ ᠢ ᠪᠠᠭᠲᠠᠭᠠᠵᠤ᠂ ᠲᠡᠳᠡᠭᠡᠷ ᠨᠢ ᠴᠥᠮ | ᠪᠡᠶ᠎ᠡ ᠶᠢᠨ ᠲᠠᠮᠢᠷ ᠤᠨ ᠪᠣᠯᠪᠠᠰᠤᠷᠠᠯ ᠲᠠᠢ ᠠᠳᠠᠯᠢᠪᠲᠤᠷ ᠦᠷ᠎ᠡ ᠳ᠋ᠦᠩ ᠢ ᠭᠠᠷᠭᠠᠵᠤ ᠴᠢᠳᠠᠨ᠎ᠠ ᠭᠡᠵᠤ ᠢᠯᠡᠳᠭᠡᠪᠡ᠃ |