ᠮᠡᠷᠭᠡᠵᠢᠯᠳᠡᠨ᠄ ᠵᠠᠯᠠᠭᠤᠴᠤᠳ ᠴᠤ ᠫᠠᠷᠺᠢᠨᠰᠤᠨ ᠡᠪᠡᠳᠴᠢᠨ ᠳᠤ ᠨᠡᠷᠪᠡᠭᠳᠡᠵᠤ ᠮᠡᠳᠡᠨ᠎ᠡ
ᠨᠡᠶᠢᠲᠡᠯᠡᠭᠰᠡᠨ ᠴᠠᠭ᠄
2018/4/26
     ᠰᠢᠨᠬᠤᠸᠠ ᠬᠤᠷᠢᠶ᠎ᠠ ᠴᠠᠩᠱᠠ ᠶᠢᠨ 4 ᠰᠠᠷ᠎ᠠ ᠶᠢᠨ 10 ᠤ ᠡᠳᠤᠷ ᠤᠨ ᠴᠠᠬᠢᠯᠭᠠᠨ ᠮᠡᠳᠡᠭᠡ ︵ᠰᠤᠷᠪᠤᠯᠵᠢᠯᠠᠭᠴᠢ ᠱᠤᠸᠠᠢ ᠼᠠᠢ︶ 4 ᠰᠠᠷ᠎ᠠ ᠶᠢᠨ 11 ᠤ ᠡᠳᠤᠷ ᠪᠤᠯ ᠲᠡᠯᠡᠬᠡᠢ ᠶᠢᠨ ᠫᠠᠷᠺᠢᠨᠰᠤᠨ ᠡᠪᠡᠳᠴᠢᠨ ᠤ ᠡᠳᠤᠷ᠃ ᠵᠠᠯᠠᠭᠤᠴᠤᠳ ᠴᠤ ᠫᠠᠷᠺᠢᠨᠰᠤᠨ ᠡᠪᠡᠳᠴᠢᠨ ᠳᠤ ᠨᠡᠷᠪᠡᠭᠳᠡᠵᠤ ᠮᠡᠳᠡᠨ᠎ᠡ᠂ ᠵᠠᠷᠢᠮ ᠵᠠᠯᠠᠭᠤ ᠫᠠᠷᠺᠢᠨᠰᠤᠨ ᠡᠪᠡᠳᠴᠢᠳᠠᠨ ᠡᠨᠡᠬᠦ ᠡᠪᠡᠳᠴᠢᠨ ᠠᠴᠠ ᠪᠤᠯᠵᠤ ᠵᠤᠪᠠᠵᠤ ᠪᠤᠬᠢᠨᠢᠳᠤᠬᠤ ᠪᠠᠶᠢᠳᠠᠯ ᠢᠯᠡᠷᠡᠨ᠎ᠡ ᠬᠡᠵᠤ ᠮᠡᠷᠭᠡᠵᠢᠯᠳᠡᠨ ᠲᠤᠷᠠᠳᠪᠠ᠃ ᠲᠤᠰ ᠡᠪᠡᠳᠴᠢᠨ ᠢ ᠡᠮ ᠪᠤᠯᠤᠨ ᠮᠠᠰᠠ ᠵᠠᠰᠠᠯ ᠢᠶᠠᠷ ᠡᠮᠴᠢᠯᠡᠬᠦ ᠠᠴᠠ ᠭᠠᠳᠠᠨ᠎ᠠ ᠪᠠᠰᠠ ᠡᠪᠡᠳᠴᠢᠳᠡᠨ ᠢ ᠢᠳᠡᠪᠬᠢᠲᠡᠢ ᠢᠳᠬᠠᠨ ᠵᠢᠯᠤᠭᠤᠳᠴᠤ ᠪᠤᠬᠢᠨᠢᠳᠤᠬᠤ ᠰᠡᠳᠬᠢᠯᠭᠡᠨ ᠠᠴᠠ ᠨᠢ ᠴᠢᠯᠦᠭᠡᠯᠡᠬᠦ ᠬᠡᠷᠡᠭᠲᠡᠢ ᠬᠡᠵᠤ ᠮᠡᠷᠬᠡᠵᠢᠯᠳᠡᠨ ᠰᠠᠨᠠᠭᠤᠯᠪᠠ᠃       ᠬᠤᠨᠠᠨ ᠮᠤᠵᠢ ᠶᠢᠨ ᠲᠠᠷᠢᠬᠢᠨ ᠤ ᠡᠮᠨᠡᠯᠬᠡ ᠶᠢᠨ ᠮᠡᠳᠡᠷᠡᠯ ᠤᠨ ᠭᠠᠳᠠᠷ ᠡᠮᠨᠡᠯᠬᠡ ᠶᠢᠨ ᠡᠷᠬᠢᠯᠡᠭᠴᠢ ᠬᠤᠸᠠᠩ ᠬᠤᠩ ᠰᠢᠩ ᠤᠨ ᠲᠠᠨᠢᠯᠴᠠᠭᠤᠯᠤᠭᠰᠠᠨ ᠢᠶᠠᠷ᠂ ᠫᠠᠷᠺᠢᠨᠰᠤᠨ ᠡᠪᠡᠳᠴᠢᠨ ᠪᠤᠯ ᠲᠦᠪ ᠮᠡᠳᠡᠷᠡᠯ ᠤᠨ ᠰᠢᠰᠲ᠋ᠧᠮ ᠤᠨ ᠴᠢᠨᠠᠷ ᠬᠤᠪᠢᠷᠠᠭᠰᠠᠨ ᠪᠠᠶᠢᠩᠬᠤ ᠲᠤᠬᠢᠶᠠᠯᠳᠤᠳᠠᠬ ᠡᠪᠡᠳᠴᠢᠨ ᠤ ᠨᠢᠬᠡ ᠪᠤᠯᠤᠨ᠎ᠠ᠂ ᠭᠤᠤᠯᠳᠠᠭᠤ ᠴᠡᠴᠡᠷᠡᠬᠦ᠂ ᠪᠤᠯᠴᠢᠩ ᠬᠥᠰᠢᠭᠦᠷᠬᠦ᠂ ᠬᠦᠳᠡᠯᠬᠡᠬᠡᠨ ᠤᠳᠠᠭᠠᠰᠢᠷᠠᠬᠤ ᠪᠠ ᠲᠡᠩᠴᠡᠬᠦᠷᠢ ᠶᠢᠨ ᠪᠡᠷᠬᠡᠰᠢᠶᠡᠯ ᠤᠨ ᠢᠯᠡᠷᠡᠯ ᠲᠠᠢ᠃ ᠤᠳᠤᠬᠠᠨ ᠳᠤ᠂ ᠫᠠᠷᠺᠢᠨᠰᠤᠨ ᠡᠪᠡᠳᠴᠢᠨ ᠢ ᠡᠮᠴᠢᠯᠡᠬᠦ ᠳᠤ ᠭᠤᠤᠯᠳᠠᠭᠤ ᠡᠮ ᠥ ‍ᠬ᠋ᠬᠦ᠂ ᠬᠠᠭᠠᠯᠤᠭ᠎ᠠ ᠬᠢᠬᠦ᠂ ᠡᠷᠡᠬᠦᠯᠵᠢᠯ ᠡᠮᠴᠢᠯᠡᠭᠡ ᠪᠤᠯᠤᠨ ᠠᠰᠠᠷᠠᠬᠤ ᠡᠮᠴᠢᠯᠡᠭᠡ ᠵᠡᠷᠬᠡ ᠠᠷᠭ᠎ᠠ ᠬᠡᠮᠵᠢᠶ᠎ᠡ ᠠᠪᠴᠤ ᠪᠤᠢ᠃
 
ᠢᠷᠡᠯᠲᠡ᠄ ᠢᠷᠡᠯᠳᠡ᠄ ᠰᠢᠨᠬᠤᠸᠠ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号