ᠮᠤᠩᠭᠤᠯ ᠦᠨᠳᠦᠰᠦᠨᠲᠡᠨ ᠤ ᠭᠠᠯ ᠲᠠᠬᠢᠯᠭ᠎ᠠ ᠶᠢᠨ ᠶᠤᠰᠤᠨ 13 ᠳ᠋ᠤᠭᠠᠷ ᠵᠠᠭᠤᠨ ᠳᠤ ᠡᠬᠦᠰᠴᠦ᠂ ᠦᠶ᠎ᠡ | ᠵᠠᠯᠭᠠᠮᠵᠢᠯᠠᠨ ᠤᠯᠠᠮᠵᠢᠯᠠᠭᠲᠠᠭᠰᠠᠭᠠᠷ ᠤᠲᠤ ᠪᠤᠯᠵᠡᠢ᠃ ᠮᠤᠩᠭᠤᠯᠴᠤᠳ ᠭᠠᠯ ᠢ ᠬᠡᠬᠡᠨ ᠴᠢᠨᠠᠷᠲᠤ᠂ ᠬᠠᠲᠠᠭᠤ ᠶᠢ | ᠲᠦᠯᠡᠭᠴᠢ᠂ ᠬᠠᠷᠠᠩᠭᠤᠢ ᠶᠢ ᠬᠡᠶᠢᠬᠦᠯᠦᠭᠴᠢ ᠬᠡᠮᠡᠨ ᠠᠷᠢᠭᠤᠨ ᠲᠠᠷᠬᠠᠨ ᠢᠶᠠᠷ ᠲᠡᠬᠡᠲᠦᠯᠡᠲᠡᠭ᠃ ᠮᠤᠩᠭᠤᠯᠴᠤᠳ ᠤᠨ | ᠠᠩ ᠠᠩᠨᠠᠬᠤ᠂ ᠨᠡᠬᠦᠲᠡᠯ ᠠᠮᠢᠲᠤᠷᠡᠯ ᠳᠤ ᠭᠠᠯ ᠲᠤᠲᠠᠭᠲᠠᠵᠤ ᠪᠤᠯᠤᠰᠢ ᠦᠬᠡᠢ ᠪᠠᠶᠢᠭᠰᠡᠨ ᠢᠶᠠᠷ ᠭᠠᠯ ᠢ ᠠᠮᠢᠲᠤᠷᠡᠯ᠂ | ᠠᠲᠡᠯ ᠬᠦᠷᠦᠩᠬᠡ᠂ ᠠᠮᠢ ᠨᠠᠰᠤ ᠲᠠᠢ ᠪᠠᠨ ᠬᠤᠯᠪᠤᠨ ᠰᠢᠲᠤᠲᠡᠭ᠃ ᠭᠤᠷᠪᠡᠨ ᠴᠢᠯᠠᠭᠤ ᠪᠠᠷ ᠲᠤᠯᠭ᠎ᠠ ᠬᠢᠵᠦ᠂ | ᠡᠬᠦᠨ ᠢᠶᠠᠨ ︽ᠭᠠᠯ ᠭᠤᠯᠤᠮᠲᠠ︾ ᠬᠡᠵᠦ᠂ ᠭᠠᠯ ᠢ ᠲᠦᠢᠯ ᠤᠨ ᠡᠷᠬᠢᠮ ᠨᠠᠨᠳᠢᠨ ᠷᠢᠳᠢ ᠰᠢᠲᠢ ᠲᠠᠢ ᠵᠦᠢᠯ ᠢᠶᠠᠷ | ᠦᠵᠡᠵᠦ᠂ ᠬᠦᠮᠦᠰ ᠲᠤ ᠢᠯᠴᠢ ᠬᠡᠷᠡᠯ ᠤᠯᠭᠤᠲᠠᠭ ᠰᠢᠲᠦᠬᠡᠨ ᠰᠠᠬᠢᠭᠤᠰᠤ ᠪᠠᠷ ᠦᠵᠡᠭᠰᠡᠬᠡᠷ ᠢᠷᠡᠭᠰᠡᠨ ᠶᠤᠮ᠃ | ᠮᠤᠩᠭᠤᠯᠴᠤᠳ ᠤᠨ ᠡᠷᠲᠡᠨ ᠠᠴᠠ ᠪᠠᠨ ᠰᠢᠲᠤᠵᠤ ᠪᠠᠶᠢᠭᠰᠡᠨ ᠭᠠᠯ ᠤᠨ ᠪᠤᠷᠬᠠᠨ ᠪᠤᠯ ︽ᠤᠳᠬᠤᠨ ᠲᠡᠭᠷᠢ︾ | ᠪᠤᠯᠤᠨ᠎ᠠ᠃ ᠭᠠᠯ ᠢ ᠡᠮ᠎ᠡ ᠬᠦᠢᠰᠦᠲᠡᠨ ᠪᠠ ᠡᠬᠡ ᠶᠢᠨ ᠪᠦᠷᠢᠯᠸ᠎ᠠ ᠪᠤᠯᠭᠠᠨ ᠠᠮᠢ ᠨᠠᠰᠤ᠂ ᠲᠦᠷᠦᠵᠦ ᠡᠰᠨᠢᠬᠦ ᠶᠢᠨ | ᠡᠬᠢ ᠡᠬᠦᠰᠦᠯ ᠪᠤᠯᠭᠠᠨ ᠦᠵᠡᠵᠦ ᠪᠠᠶᠢᠵᠡᠢ᠃ ᠮᠤᠩᠭᠤᠯᠴᠤᠳ ᠤᠨ ᠭᠠᠯ ᠲᠠᠬᠢᠯᠭ᠎ᠠ ᠳᠤ ᠠᠶᠢᠯ ᠡᠷᠦᠬᠡ ᠶᠢᠨ | ᠲᠠᠬᠢᠯᠭ᠎ᠠ᠂ ᠠᠯᠪᠡᠨ ᠲᠠᠬᠢᠯᠭ᠎ᠠ᠂ ᠰᠦᠮ᠎ᠡ ᠬᠡᠶᠢᠳ ᠤᠨ ᠲᠠᠬᠢᠯᠭ᠎ᠠ ᠬᠡᠬᠦ ᠭᠤᠷᠪᠠᠨ ᠵᠦᠢᠯ ᠪᠠᠶᠢᠲᠠᠭ᠃ ᠡᠲᠡᠬᠡᠷ | ᠲᠠᠬᠢᠯᠭ᠎ᠠ ᠨᠢ ᠰᠢᠲᠦᠯᠬᠡ ᠪᠢᠰᠢᠷᠡᠯ ᠤᠨ ᠲᠠᠯ᠎ᠡ ᠪᠠᠷ ᠪᠦᠬᠡ ᠮᠦᠷᠬᠦᠯ ᠤᠨ ᠶᠤᠰᠤ ᠪᠠᠷ ᠲᠠᠬᠢᠬᠤ᠂ ᠰᠢᠷ᠎ᠠ ᠶᠢᠨ | ᠱᠠᠰᠢᠨ ᠤ ᠰᠤᠷᠭᠠᠯ ᠢᠶᠠᠷ ᠲᠠᠬᠢᠬᠤ ᠬᠡᠵᠦ ᠬᠤᠶᠡᠷ ᠶᠠᠩᠵᠤ ᠪᠠᠶᠢᠲᠠᠭ᠃ ᠴᠠᠭ ᠬᠤᠭᠤᠴᠠᠭ᠎ᠠ᠂ ᠲᠠᠬᠢᠯᠭ᠎ᠠ ᠬᠢᠬᠦ | ᠬᠦᠷᠢᠶ᠎ᠡ ᠴᠡᠷ᠎ᠡ ᠪᠠᠷ ᠡᠩ ᠤᠨ ᠲᠠᠬᠢᠯᠭ᠎ᠠ᠂ ᠰᠠᠷ᠎ᠠ ᠶᠢᠨ ᠲᠠᠬᠢᠯᠭ᠎ᠠ᠂ ᠤᠯᠠᠷᠢᠯ ᠤᠨ ᠲᠠᠬᠢᠯᠭ᠎ᠠ᠂ ᠶᠡᠭᠡ ᠲᠠᠬᠢᠯᠭ᠎ᠠ ᠬᠡᠵᠦ | ᠬᠤᠶᠠᠷ ᠬᠤᠪᠢᠶᠡᠲᠠᠭ᠃ | ᠤᠲᠤᠬᠠᠨ ᠳᠤ ᠮᠤᠩᠭᠤᠯᠴᠤᠳ ᠤᠨ ᠲᠤᠮᠲᠠ ᠠᠶᠢᠯ ᠡᠷᠦᠬᠡ ᠶᠢᠨ ᠲᠠᠬᠢᠯᠭ᠎ᠠ ᠨᠢ ᠬᠠᠮᠤᠭ ᠠᠴᠠ ᠦᠷᠬᠡᠨ | ᠬᠡᠪᠴᠢᠶᠡᠨ ᠳᠤ ᠶᠠᠪᠤᠭᠲᠠᠲᠠᠭ᠃ ᠵᠢᠯ ᠪᠦᠷᠢ ᠶᠢᠨ ᠪᠢᠯᠢᠭ ᠤᠨ ᠤᠯᠠᠷᠢᠯ ᠤᠨ ᠬᠤᠷᠢᠨ ᠭᠤᠷᠪᠠᠨ ᠲᠦᠷᠪᠡᠨ ᠪᠤᠯᠵᠤ᠂ | ᠤᠲᠤᠳ ᠲᠦᠬᠡᠵᠦ ᠡᠬᠢᠯᠡᠬᠦ ᠪᠠᠷ ᠭᠠᠯ ᠢᠶᠠᠨ ᠲᠠᠬᠢᠲᠠᠭ᠃ ᠬᠠᠷᠠᠴᠤ ᠠᠶᠢᠯ ᠨᠢ ᠬᠤᠷᠢᠨ ᠭᠤᠷᠪᠡᠨ ᠳᠤ ᠭᠠᠯ ᠢᠶᠠᠨ | ᠲᠠᠬᠢᠵᠤ᠂ ᠲᠠᠶᠢᠵᠢ ᠠᠶᠢᠯ ᠨᠢ ᠬᠤᠷᠢᠨ ᠲᠦᠷᠪᠡᠨ ᠪᠠᠷ ᠭᠠᠯ ᠢᠶᠠᠨ ᠲᠠᠬᠢᠲᠠᠭ᠃ ᠬᠡᠪᠡᠴᠤ ᠪᠠᠷᠭᠤ ᠨᠤᠲᠤᠭ ᠤᠨ ᠵᠠᠷᠢᠮ | ᠭᠠᠵᠠᠷ ᠢᠶᠠᠷ ᠬᠤᠷᠢᠨ ᠵᠢᠷᠭᠤᠭᠠᠨ ᠳᠤ ᠭᠠᠯ ᠢᠶᠠᠨ ᠲᠠᠬᠢᠵᠤ᠂ ᠤᠩᠭᠤᠳ ᠲᠠᠬᠢᠵᠤ ᠪᠠᠶᠢᠭᠰᠡᠨ ᠬᠦᠪᠡᠬᠡᠲᠦ ᠰᠢᠶᠠ ᠶᠢᠨ | ᠶᠢᠰᠦ ᠶᠢᠨ ᠰᠤᠮᠤᠨ ᠤ ᠵᠠᠷᠢᠮ ᠠᠶᠢᠯ᠂ ᠠᠪᠠᠭ᠎ᠠ ᠶᠢᠨ ᠡᠹᠦ᠋ ᠶᠢᠨ ᠬᠠᠯᠬ᠎ᠠ ᠠᠶᠢᠯ᠂ ᠬᠦᠬᠡᠨᠠᠭᠤᠷ ᠤᠨ ᠲᠡᠬᠡᠲᠦ | ᠮᠤᠩᠭᠤᠯ ᠤᠨ ᠵᠠᠷᠢᠮ ᠬᠤᠰᠢᠭᠤᠳ ᠡᠪᠦᠯ ᠤᠨ ᠰᠡᠬᠦᠯ ᠰᠠᠷ᠎ᠠ ᠶᠢᠨ ᠪᠢᠲᠡᠬᠦᠨ ᠳᠤ ᠭᠠᠯ ᠢᠶᠠᠨ ᠲᠠᠬᠢᠲᠠᠭ ᠤᠨᠴᠠᠭᠠᠢ | ᠵᠢᠱᠢᠶ᠎ᠡ ᠴᠤ ᠪᠠᠶᠢᠲᠠᠭ᠃ ᠭᠠᠯ ᠲᠠᠬᠢᠯᠭ᠎ᠠ ᠶᠢᠨ ᠪᠡᠯᠡᠳᠬᠡᠯ ᠶᠤᠰᠤᠨ ᠭᠠᠯ ᠲᠠᠬᠢᠯᠭ᠎ᠠ ᠠᠴᠠ ᠪᠠᠨ ᠡᠮᠦᠨ᠎ᠡ ᠭᠠᠯ | ᠲᠠᠬᠢᠬᠤ ᠳᠤ ᠬᠡᠷᠡᠭᠯᠡᠬᠦ ᠡᠪᠴᠢᠬᠦᠦ ᠬᠤᠰ ᠪᠠ ᠡᠪᠡᠰᠦ ᠮᠤᠲᠤ᠂ ᠢᠲᠡᠬᠡᠨ ᠤ ᠵᠦᠢᠯ᠂ ᠡᠮᠦᠰᠬᠡᠯ ᠰᠠᠳᠡᠷ ᠪᠡᠯᠡᠳᠬᠡᠵᠦ᠂ | ᠤᠲᠤᠭ᠎ᠠ ᠲᠤᠭᠤᠰᠤ ᠪᠠᠨ ᠬᠦᠪᠢᠨ᠂ ᠭᠠᠯ ᠲᠠᠬᠢᠯᠭ᠎ᠠ ᠳᠠᠭᠠᠨ ᠪᠡᠯᠡᠳᠬᠡᠲᠡᠭ᠃ ᠡᠪᠦᠯ ᠤᠨ ᠦᠬᠦᠴᠡᠨ ᠠᠴᠠ ᠪᠠᠨ | ᠬᠢᠵᠢᠭ ᠬᠠᠮᠠᠭᠤ ᠳᠤ ᠨᠡᠷᠪᠡᠭᠲᠡᠭᠰᠡᠨ ᠦᠬᠡᠢ᠂ ᠴᠢᠨ᠋ᠸ᠎ᠠ ᠨᠤᠬᠠᠢ ᠳᠤ ᠬᠠᠵᠠᠭᠳᠠᠭᠰᠠᠨ ᠦᠬᠡᠢ ᠴᠠᠭᠠᠨ ᠪᠤᠶᠤ ᠬᠠᠯᠵᠡᠨ | ᠬᠤᠨᠢᠨ ᠤ ᠡᠪᠴᠢᠬᠦᠦ ᠪᠠ ᠬᠤᠰ ᠢ ᠭᠠᠯ ᠲᠠᠬᠢᠬᠤ ᠳᠠᠭᠠᠨ ᠪᠡᠯᠡᠳᠬᠡᠲᠡᠭ᠃ ᠭᠠᠯ ᠲᠠᠬᠢᠬᠤ ᠠᠴᠠ ᠪᠠᠨ ᠡᠮᠦᠨ᠎ᠡ | ᠬᠠᠶᠢᠯᠠᠰᠤᠨ ᠮᠤᠲᠤ ᠪᠠ ᠰᠤᠷ ᠨᠢ ᠲᠠᠰᠤᠷᠠᠭᠰᠠᠨ ᠦᠬᠡᠢ ᠬᠢᠯᠭᠠᠨ᠎ᠠ᠂ ᠦᠯᠦᠩ ᠴᠠᠭᠠᠨ ᠲᠡᠬᠦᠵᠦ ᠭᠠᠯ | ᠲᠠᠬᠢᠬᠤ ᠳᠠᠭᠠᠨ ᠪᠡᠯᠡᠳᠬᠡᠲᠡᠭ᠃ ᠭᠠᠯ ᠲᠠᠬᠢᠬᠤ ᠡᠲᠦᠷ ᠡᠷᠲᠡᠯᠡᠨ ᠮᠠᠯ ᠬᠤᠨᠢ ᠪᠠᠨ ᠪᠡᠯᠴᠢᠬᠡᠵᠦ᠂ ᠬᠡᠷ ᠤᠨ ᠪᠠᠨ | ᠰᠢᠷᠢᠲᠡᠭ ᠲᠡᠪᠢᠰᠬᠡᠷ᠂ ᠤᠨᠢ ᠲᠤᠭᠤᠨᠤ᠂ ᠬᠠᠨᠠᠨ ᠤ ᠪᠠᠨ ᠤᠲᠤᠭ᠎ᠠ ᠲᠤᠭᠤᠰᠤ ᠶᠢ ᠴᠡᠪᠡᠷᠯᠡᠵᠦ᠂ ᠪᠠᠶᠢᠰᠢᠩ ᠬᠡᠷ ᠲᠠᠢ | ᠠᠶᠢᠯ ᠨᠢ ᠴᠤᠩᠬᠤᠨ ᠰᠢᠯ ᠢᠶᠠᠨ ᠵᠦᠯᠬᠦᠵᠦ᠂ ᠠᠪᠲᠠᠷ᠎ᠠ ᠬᠤᠷᠭᠤ ᠪᠠᠨ ᠠᠷᠴᠢᠵᠤ᠂ ᠬᠦᠷᠢᠶ᠎ᠠ ᠬᠠᠰᠢᠶ᠎ᠠ ᠪᠠᠨ | ᠱᠦᠬᠦᠷᠲᠡᠵᠦ ᠬᠠᠭᠤᠴᠢᠨ ᠵᠢᠯ ᠤᠨ ᠲᠤᠭᠤᠰᠤ ᠪᠠᠨ ᠴᠡᠪᠡᠷᠯᠡᠲᠡᠭ᠃ ᠡᠬᠦᠨ ᠠᠴᠠ ᠭᠠᠲᠠᠨ᠎ᠠ ᠤᠲᠠᠰᠤ ᠡᠬᠡᠷᠦᠨ᠂ | ᠡᠪᠴᠢᠬᠦᠦ ᠵᠠᠰᠠᠵᠤ᠂ ᠲᠠᠯᠠᠯᠭᠠᠨ ᠬᠡᠰᠢᠭ ᠪᠡᠯᠡᠳᠬᠡᠵᠦ᠂ ᠠᠮᠤᠰᠤ ᠪᠡᠯᠡᠳᠬᠡᠲᠡᠭ᠃ ᠲᠠᠬᠢᠨ ᠲᠠᠯᠠᠯᠭᠠᠨ ᠰᠠᠭᠤᠯᠭ᠎ᠠ᠂ | ᠲᠠᠯᠠᠯᠭᠠᠨ ᠰᠤᠮᠤ᠂ ᠲᠠᠯᠠᠯᠭᠠᠨ ᠤᠭᠤᠲᠠ ᠪᠠᠨ ᠪᠡᠯᠳᠬᠡᠵᠦ᠂ ᠲᠠᠯᠠᠯᠭᠠᠨ ᠤᠭᠤᠲᠠᠨ ᠳᠠᠭᠠᠨ ᠡᠪᠴᠢᠬᠦᠨ ᠤ ᠬᠡᠷᠰᠡᠭ᠂ | ᠴᠤᠷᠵᠢ ᠶᠢᠨ ᠮᠢᠬ᠎ᠠ᠂ ᠱᠠᠭᠠᠨᠲᠤ᠂ ᠲᠦᠷᠪᠡᠨ ᠦᠨᠲᠦᠷ ᠵᠡᠷᠬᠡ ᠶᠢ ᠬᠢᠵᠦ᠂ ᠭᠠᠯ ᠤᠨ ᠲᠠᠯᠠᠯᠭ᠎ᠠ ᠠᠪᠬᠤ ᠳᠠᠭᠠᠨ | ᠪᠡᠯᠡᠳᠬᠡᠲᠡᠭ᠃ ᠭᠠᠯ ᠲᠠᠬᠢᠯᠭ᠎ᠠ ᠶᠢᠨ ᠡᠳᠡᠬᠡᠷ ᠰᠠᠶᠢᠬᠠᠨ ᠵᠠᠩ ᠵᠠᠩᠰᠢᠯ ᠨᠢ ᠮᠤᠩᠭᠤᠯᠴᠤᠳ ᠤᠨ ᠰᠢᠨ᠎ᠡ ᠨᠢᠬᠡᠨ | ᠵᠢᠯ ᠳᠡᠭᠡᠨ ᠦᠯᠵᠡᠢ ᠲᠠᠢ ᠰᠠᠶᠢᠬᠠᠨ ᠶᠠᠪᠤᠬᠤ ᠶᠢᠨ ᠵᠦᠩᠨᠡᠯ ᠪᠤᠯᠲᠠᠭ᠃ | ᠭᠠᠯ ᠲᠠᠬᠢᠯᠭ᠎ᠠ ᠶᠢᠨ ᠠᠯᠬᠤᠮ ᠲᠠᠷᠠᠭ᠎ᠠ ᠮᠤᠩᠭᠤᠯᠴᠤᠳ ᠤᠨ ᠭᠠᠯ ᠲᠠᠬᠢᠯᠭ᠎ᠠ ᠶᠢᠨ ᠶᠤᠰᠤᠯᠠᠯ ᠨᠢ ᠭᠠᠯ | ᠲᠠᠬᠢᠯᠭ᠎ᠠ ᠶᠢᠨ ᠪᠡᠯᠡᠳᠬᠡᠯ᠂ ᠭᠠᠯ ᠲᠠᠬᠢᠬᠤ ᠶᠤᠰᠤᠯᠠᠯ᠂ ᠭᠠᠯ ᠤᠨ ᠲᠠᠯᠠᠯᠭ᠎ᠠ ᠬᠡᠬᠦ ᠮᠡᠲᠤ ᠶᠢᠨ ᠶᠠᠪᠤᠴᠠ ᠪᠠᠷ | ᠶᠠᠪᠤᠭᠲᠠᠲᠠᠭ᠃ ᠭᠠᠯ ᠲᠠᠬᠢᠬᠤ ᠡᠲᠦᠷ ᠠᠴᠠ ᠪᠠᠨ ᠡᠬᠢᠯᠡᠨ ᠬᠡᠷ ᠤᠷᠤᠨ ᠢᠶᠠᠨ ᠴᠡᠪᠡᠷᠯᠡᠵᠤ᠂ ᠭᠠᠯ ᠲᠠᠬᠢᠯᠭ᠎ᠠ ᠳᠤ | ᠬᠡᠷᠡᠭᠯᠡᠬᠦ ᠵᠦᠢᠯ ᠢᠶᠠᠨ ᠪᠡᠯᠡᠳᠬᠡᠲᠡᠭ᠃ ᠭᠠᠯ ᠲᠠᠬᠢᠬᠤ ᠳᠤ ᠬᠡᠷᠡᠭᠯᠡᠬᠦ ᠮᠤᠲᠤ ᠪᠠᠨ ᠪᠡᠯᠡᠳᠬᠡᠵᠦ᠂ ᠰᠢᠷᠢᠲᠡᠭ | ᠲᠡᠪᠢᠰᠬᠡᠷ ᠤᠨ ᠢᠶᠠᠨ ᠲᠤᠭᠤᠰᠤ ᠶᠢ ᠠᠷᠢᠯᠭᠠᠵᠤ᠂ ᠬᠡᠷ ᠪᠠᠷᠠᠭ᠎ᠠ ᠪᠠᠨ ᠵᠦᠯᠬᠦᠵᠦ ᠴᠡᠪᠡᠷᠯᠡᠨ ᠴᠢᠲᠠᠬᠤ ᠶᠢᠨ ᠲᠤᠲᠤᠷ᠎ᠠ | ᠴᠡᠪᠡᠷ ᠪᠠᠶᠢᠯᠭᠠᠨ᠎ᠠ᠃ ᠠᠶᠢᠯ ᠡᠷᠦᠬᠡ ᠶᠢᠨ ᠭᠠᠯ ᠲᠠᠬᠢᠯᠭ᠎ᠠ ᠶᠢᠨ ᠶᠤᠰᠤ ᠵᠠᠩᠰᠢᠯ ᠴᠤ ᠭᠠᠵᠠᠷ ᠨᠤᠲᠤᠭ ᠤᠨ ᠢᠯᠭᠠᠭ᠎ᠠ | ᠂ ᠠᠵᠤ ᠠᠮᠢᠲᠤᠷᠡᠯ ᠤᠨ ᠪᠠᠶᠢᠲᠡᠯ ᠵᠡᠷᠬᠡ ᠶᠢᠨ ᠵᠦᠷᠢᠶ᠎ᠡ ᠠᠴᠠ ᠪᠤᠯᠵᠤ᠂ ᠬᠤᠭᠤᠷᠤᠨᠲᠤ ᠪᠠᠨ ᠵᠦᠷᠢᠶ᠎ᠡ ᠲᠠᠢ ᠪᠠᠶᠢᠲᠠᠭ᠃ | | ᠨᠡᠬᠦᠲᠡᠯ ᠠᠮᠢᠲᠤᠷᠡᠯ ᠠᠴᠠ ᠪᠠᠨ ᠰᠠᠭᠤᠷᠢᠰᠢᠯ ᠳᠤ ᠰᠢᠯᠵᠢᠭᠰᠡᠨ ᠮᠤᠩᠭᠤᠯᠴᠤᠳ ᠲᠤᠯᠭ᠎ᠠ ᠠᠴᠠ ᠪᠠᠨ ᠨᠡᠯᠢᠶᠡᠳ | ᠵᠠᠶᠢᠲᠠᠵᠡᠢ᠃ ᠤᠷᠴᠢᠮ ᠤᠨ ᠵᠢᠯ ᠠᠴᠠ ᠵᠠᠷᠢᠮ ᠠᠶᠢᠯ ᠡᠷᠦᠬᠡ ᠨᠢ ᠲᠠᠬᠢᠨ ᠲᠤᠯᠭ᠎ᠠ ᠪᠡᠯᠡᠳᠬᠡᠵᠦ᠂ ᠤᠯᠠᠮᠵᠢᠯᠠᠯᠲᠤ | ᠶᠤᠰᠤ ᠪᠠᠷ ᠢᠶᠠᠨ ᠭᠠᠯ ᠲᠠᠬᠢᠬᠤ ᠦᠵᠡᠭᠲᠡᠯ ᠬᠦᠲᠡᠭᠡ ᠨᠤᠲᠤᠭ ᠢᠶᠠᠷ ᠬᠠᠷᠠᠭᠲᠠᠬᠤ ᠪᠤᠯᠪᠠ᠃ ᠭᠠᠯ ᠲᠠᠬᠢᠯᠭ᠎ᠠ ᠶᠢᠨ | ᠶᠤᠰᠤᠯᠠᠯ ᠨᠢ ᠣᠲᠤᠳ ᠦᠷᠡᠵᠢᠵᠦ ᠡᠬᠢᠯᠡᠬᠦ ᠪᠠᠷ ᠡᠬᠢᠯᠡᠨ ᠶᠠᠪᠤᠭᠲᠠᠵᠤ᠂ ᠤᠷᠢᠲᠡᠪᠡᠷ ᠫᠤᠤᠵᠢᠩ ᠢᠶᠠᠨ ᠲᠠᠯᠪᠢᠵᠤ | ᠪᠠᠷᠠᠭᠰᠡᠨ ᠤ ᠲᠠᠷᠠᠭ᠎ᠠ ᠬᠡᠷ ᠲᠡᠭᠡᠨ ᠬᠡᠲᠦᠨ ᠵᠤᠤᠬ᠎ᠠ ᠲᠠᠢ ᠪᠤᠯ ᠪᠦᠷ ᠢ ᠭᠠᠯᠯᠠᠵᠤ᠂ ᠪᠡᠯᠡᠳᠬᠡᠭᠰᠡᠨ ᠮᠤᠲᠤ ᠪᠠᠨ | ᠵᠤᠤᠬᠠᠨ ᠳᠠᠭᠠᠨ ᠬᠢᠵᠤ᠂ ᠭᠠᠯ ᠲᠠᠬᠢᠬᠤ ᠳᠠᠭᠠᠨ ᠵᠤᠷᠢᠭᠤᠯᠵᠤ ᠪᠡᠯᠡᠳᠬᠡᠭᠰᠡᠨ ᠴᠢᠪᠠᠭ᠎ᠠ᠂ ᠰᠢᠬᠢᠷ᠂ ᠰᠡᠮᠵᠡᠨ | ᠦᠬᠡᠬᠦ ᠲᠠᠢ ᠠᠷᠢᠬᠢ ᠵᠡᠷᠬᠡ ᠪᠠᠨ ᠭᠠᠯ ᠳᠠᠭᠠᠨ ᠡᠷᠬᠦᠵᠦ᠂ ᠬᠡᠷ ᠤᠨ ᠪᠦᠷᠢᠯᠲᠦᠬᠦᠨ ᠪᠦᠬᠦᠨ ᠭᠠᠯ ᠤᠨ ᠪᠤᠷᠬᠠᠨ ᠳᠠᠭᠠᠨ | ᠮᠦᠷᠬᠦᠵᠦ᠂ ᠠᠯᠢᠪᠠ ᠪᠦᠬᠦᠨ ᠤ ᠦᠬᠡᠲᠠ ᠡᠰᠡᠷᠡᠭ ᠢ ᠬᠦᠰᠡᠨ ᠲᠠᠭᠠᠳᠬᠠᠲᠠᠭ᠃ ᠵᠠᠷᠢᠮ ᠠᠶᠢᠯ ᠨᠢ ᠰᠠᠭᠤᠷᠢᠰᠢᠭᠰᠠᠨ | ᠴᠤ ᠭᠠᠯ ᠲᠠᠬᠢᠬᠤ ᠳᠠᠭᠠᠨ ᠬᠡᠷ ᠤᠨ ᠡᠵᠡᠨ ᠨᠢ ᠲᠤᠯᠭ᠎ᠠ ᠪᠠᠨ ᠠᠰᠠᠭᠠᠨ᠂ ᠬᠡᠷ ᠤᠨ ᠡᠵᠡᠭᠲᠡᠢ ᠨᠢ ᠠᠷᠴᠠ ᠰᠦ᠂ | ᠴᠠᠭᠠᠨ ᠢᠲᠡᠬᠡᠨ ᠤ ᠲᠡᠬᠡᠵᠢ᠂ ᠰᠢᠷ᠎ᠠ ᠲᠤᠰᠤ᠂ ᠠᠷᠢᠬᠢ ᠵᠡᠷᠬᠡ ᠪᠠᠨ ᠲᠤᠯᠭᠠᠨ ᠳᠠᠭᠠᠨ ᠲᠤᠰᠤᠭᠠᠨ ᠭᠠᠯ ᠤᠨ ᠰᠠᠩ | ᠤᠩᠰᠢᠵᠤ᠂ ᠪᠡᠯᠡᠳᠬᠡᠭᠰᠡᠨ ᠡᠪᠴᠢᠬᠦᠦ ᠪᠠᠨ ᠲᠡᠬᠡᠭᠰᠢ ᠬᠠᠨᠲᠤᠭᠤᠯᠤᠨ ᠭᠠᠯ ᠳᠠᠭᠠᠨ ᠡᠷᠬᠦᠲᠡᠭ᠃ ᠡᠬᠦᠨ ᠤ ᠲᠠᠷᠠᠭ᠎ᠠ | ᠤᠩᠭᠤᠨ ᠮᠠᠯ ᠢᠶᠠᠨ ᠰᠡᠳᠡᠷᠯᠡᠵᠦ᠂ ᠮᠠᠯ ᠤᠨ ᠪᠤᠶᠠᠨ ᠬᠡᠰᠢᠭ ᠢᠪᠡᠬᠡᠬᠦ ᠶᠢ ᠲᠠᠭᠠᠳᠬᠠᠨ ᠵᠠᠯᠪᠢᠷᠡᠲᠠᠭ᠃ ᠲᠠᠬᠢᠨ ᠭᠠᠯ | ᠲᠠᠬᠢᠯᠭ᠎ᠠ ᠠᠴᠠ ᠪᠠᠨ ᠡᠮᠦᠨ᠎ᠡ ᠪᠡᠯᠡᠳᠬᠡᠭᠰᠡᠨ ᠲᠠᠯᠠᠯᠭ᠎ᠠ ᠶᠢᠨ ᠤᠭᠤᠲᠠ ᠪᠠᠷ ᠢᠶᠠᠨ ᠲᠠᠯᠠᠯᠭ᠎ᠠ ᠠᠪᠴᠤ ᠬᠡᠰᠢᠭ ᠪᠤᠶᠠᠨ᠂ | ᠪᠠᠶᠠᠨ ᠢᠷᠦᠬᠡᠯ ᠲᠤᠭᠲᠠᠬᠤ ᠪᠠᠨ ᠲᠠᠯᠠᠯᠤᠨ ᠬᠤᠷᠦ᠋ᠢᠯᠠᠲᠠᠭ᠃ ᠢᠩᠬᠢᠵᠤ ᠪᠠᠷᠠᠭᠰᠠᠨ ᠤ ᠲᠠᠷᠠᠭ᠎ᠠ ᠭᠠᠯ ᠤᠨ ᠴᠠᠢ | ᠤᠤᠭᠤᠵᠤ᠂ ᠴᠠᠭᠠᠨ ᠢᠲᠡᠭᠡ ᠠᠮᠰᠠᠭᠤᠯᠤᠨ᠂ ᠭᠠᠯ ᠤᠨ ᠬᠤᠭᠤᠯᠠ ᠢᠲᠡᠵᠦ᠂ ᠪᠤᠭᠤᠷᠤᠯ ᠨᠠᠰᠤᠲᠠᠳ ᠲᠠᠭᠠᠨ | ᠠᠷᠢᠬᠢ ᠬᠡᠮᠨᠡᠨ ᠪᠠᠶᠠᠷᠯᠠᠯᠲᠤᠨ ᠴᠡᠩᠬᠡᠲᠡᠭ᠃ | ᠭᠠᠯ ᠲᠠᠬᠢᠯᠭ᠎ᠠ ᠶᠢᠨ ᠲᠤᠬᠠᠢ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ | ᠤᠳᠬ᠎ᠠ ᠵᠤᠬᠢᠶᠡᠯ ᠰᠤᠲᠤᠯᠬᠤ ᠲᠠᠰᠤᠭ ᠤᠨ ᠡᠷᠬᠢᠯᠡᠭᠴᠢ ᠪᠦᠬᠡᠴᠢᠯᠠᠭᠤ᠄ ︽ᠮᠠᠨ ᠤ ᠦᠪᠦᠷ ᠮᠤᠩᠭᠤᠯ ᠤᠲᠤ | ᠪᠤᠯᠲᠠᠯ᠎ᠠ ᠦᠪᠡᠷ ᠤᠨ ᠭᠠᠯ ᠲᠠᠬᠢᠯᠭ᠎ᠠ ᠶᠢᠨ ᠶᠤᠰᠤ ᠵᠠᠩᠰᠢᠯ ᠢᠶᠠᠨ ᠬᠠᠲᠠᠭᠠᠯᠠᠨ ᠶᠠᠪᠤᠵᠤ ᠪᠤᠢ᠂ ᠮᠤᠩᠭᠤᠯ | ᠤᠯᠤᠰ ᠢᠶᠠᠷ ᠡᠨᠡᠬᠦ ᠰᠠᠶᠢᠬᠠᠨ ᠤᠯᠠᠮᠵᠢᠯᠠᠯᠲᠤ ᠶᠤᠰᠤ ᠵᠠᠩᠰᠢᠯ ᠬᠠᠷᠢᠨ ᠬᠡᠬᠡᠭᠲᠡᠬᠦ ᠬᠡᠮᠵᠢᠶᠡᠨ ᠳᠤ ᠬᠦᠷᠴᠡᠢ᠂ ᠭᠠᠯ | ᠲᠠᠬᠢᠯᠭ᠎ᠠ ᠶᠢᠨ ᠪᠠᠰᠠ ᠨᠢᠬᠡᠨ ᠴᠢᠬᠤᠯᠡ ᠠᠯᠬᠤᠮ ᠲᠠᠷᠠᠭ᠎ᠠ ᠨᠢ ᠲᠠᠷᠤᠢ ᠲᠠᠯᠠᠯᠭ᠎ᠠ ᠠᠪᠬᠤ ᠳᠤ ᠪᠠᠶᠢᠨ᠎ᠠ᠃ ᠦᠪᠡᠷ ᠤᠨ | ᠮᠠᠯ ᠤᠨ ᠬᠡᠰᠢᠭ ᠪᠤᠶᠠᠨ ᠢᠶᠠᠨ ᠬᠤᠷᠦ᠋ᠢᠯᠠᠨ ᠲᠠᠯᠠᠯᠵᠤ ᠰᠢᠨ᠎ᠡ ᠵᠢᠯ ᠳᠡᠭᠡᠨ ᠠᠯᠢᠪᠠ ᠪᠦᠬᠦᠨ ᠨᠢ ᠦᠬᠡᠲᠠ ᠡᠰᠡᠷᠡᠭ | ᠪᠠᠶᠢᠬᠤ ᠪᠠᠨ ᠭᠠᠯ ᠤᠨ ᠪᠤᠷᠬᠠᠨ᠂ ᠲᠡᠬᠡᠲᠦ ᠲᠡᠭᠷᠢ ᠳᠡᠭᠡᠨ ᠲᠠᠭᠠᠭᠳᠬᠠᠨ ᠭᠤᠶᠤᠴᠢᠯᠠᠲᠠᠭ︾ ᠬᠡᠵᠦ ᠶᠠᠷᠢᠯ᠎ᠠ᠃ ᠭᠠᠯ | ᠲᠠᠬᠢᠯᠭ᠎ᠠ ᠶᠢᠨ ᠴᠡᠬᠡᠷ ᠶᠤᠰᠤᠨ ᠭᠠᠯ ᠲᠠᠬᠢᠭᠰᠠᠨ ᠤ ᠲᠠᠷᠠᠭ᠎ᠠ ᠭᠤᠷᠪᠠᠨ ᠡᠲᠦᠷ ᠢ ᠭᠠᠯ ᠤᠨ ᠴᠡᠬᠡᠷ ᠡᠲᠦᠷ ᠬᠡᠲᠡᠭ᠃ | ᠡᠨᠡ ᠭᠤᠷᠪᠡᠨ ᠬᠤᠨᠤᠭ ᠲᠤ ᠬᠡᠷ ᠠᠴᠠ ᠪᠠᠨ ᠶᠠᠮᠠᠷᠪᠡ ᠶᠠᠭᠤᠮ᠎ᠠ ᠶᠢ ᠭᠠᠲᠠᠭᠰᠢ ᠭᠠᠷᠭᠠᠬᠤ ᠶᠢ ᠴᠡᠬᠡᠷᠯᠡᠵᠦ᠂ ᠭᠠᠷᠭᠠᠪᠡᠯ | ᠪᠤᠶᠠᠨ ᠬᠡᠰᠢᠭ ᠨᠢ ᠲᠤᠨᠲᠠᠷᠡᠴᠢᠬᠠᠨᠠ ᠬᠡᠵᠦ ᠬᠡᠯᠡᠲᠡᠭ᠃ ᠤᠨᠴᠠᠭᠠᠢ ᠤᠴᠢᠷ ᠢᠶᠠᠷ ᠭᠠᠲᠠᠨ᠎ᠠ ᠶᠢᠨ ᠬᠦᠮᠦᠨ ᠳᠤ | ᠶᠠᠭᠤᠮ᠎ᠠ ᠦᠭᠬᠦ ᠳᠤ ᠲᠠᠭᠤ ᠴᠢᠮᠡᠭᠡ ᠦᠬᠡᠢ ᠠᠪᠴᠤ ᠶᠠᠪᠤᠲᠠᠭ᠃ ᠭᠤᠷᠪᠠ ᠬᠤᠨᠤᠭᠰᠡᠨ ᠤ ᠲᠠᠷᠠᠭ᠎ᠠ ᠲᠠᠯᠠᠯᠭᠠᠨ | ᠰᠠᠭᠤᠯᠭ᠎ᠠ ᠪᠠᠨ ᠨᠡᠬᠡᠬᠡᠵᠦ᠂ ᠲᠠᠯᠠᠯᠭᠠᠨ ᠬᠡᠰᠢᠭ ᠪᠠᠨ ᠪᠦᠬᠦᠲᠡᠬᠡᠷ ᠠᠮᠰᠠᠭᠠᠵᠠᠭᠠᠵᠤ᠂ ᠬᠤᠲᠠ ᠤᠰᠤᠨ ᠳᠠᠭᠠᠨ ᠴᠤ | ᠬᠤᠪᠢ ᠬᠦᠷᠲᠡᠬᠡᠲᠡᠭ᠃ ᠭᠠᠲᠠᠭᠰᠢ ᠭᠠᠷᠤᠭᠰᠠᠨ ᠬᠦᠮᠦᠰ ᠲᠡᠭᠡᠨ ᠬᠤᠪᠢ ᠦᠯᠡᠲᠡᠬᠡᠵᠦ ᠲᠠᠯᠪᠢᠲᠠᠭ᠃ ᠭᠠᠯ ᠤᠨ | ᠴᠡᠬᠡᠷ ᠲᠠᠶᠢᠯᠵᠤ᠂ ᠭᠠᠯ ᠤᠨ ᠬᠡᠰᠢᠭ ᠠᠮᠰᠠᠬᠤ ᠨᠢ ᠶᠡᠭᠡ ᠲᠦᠯᠦᠪ ᠠᠳᠠᠯᠢ ᠪᠤᠯᠪᠠᠴᠤ ᠵᠠᠷᠢᠮ ᠨᠤᠲᠤᠭ ᠢᠶᠠᠷ ᠤᠨᠴᠠᠭᠠᠢ | ᠪᠠᠶᠢᠲᠠᠭ᠃ ᠵᠢᠱᠢᠶᠡᠯᠡᠪᠡᠯ᠂ ᠤᠷᠲᠤᠰ ᠲᠤ ᠭᠤᠷᠪᠠ ᠬᠤᠨᠤᠭ ᠲᠡᠬᠡᠷ᠎ᠡ ᠪᠠᠨ ᠪᠠᠰᠠ ᠨᠢᠬᠡ ᠤᠲᠠᠭ᠎ᠠ ᠲᠠᠯᠠᠯᠭ᠎ᠠ | ᠲᠠᠯᠠᠯᠵᠤ ᠡᠬᠦᠲᠠ᠂ ᠡᠨᠢᠬᠡ᠂ ᠲᠤᠯᠭ᠎ᠠ ᠪᠠᠨ ᠭᠤᠷᠪᠠ ᠭᠤᠷᠪᠠ ᠮᠢᠯᠢᠶᠠᠭᠠᠳ ᠲᠠᠯᠠᠯᠭ᠎ᠠ ᠶᠢᠨ ᠰᠠᠭᠤᠯᠭ᠎ᠠ ᠪᠠᠨ | ᠪᠠᠭᠤᠯᠭᠠᠵᠤ᠂ ᠭᠠᠯ ᠤᠨ ᠬᠡᠰᠢᠭ ᠢᠶᠠᠨ ᠬᠦᠷᠲᠡᠲᠡᠭ᠃ ᠦᠵᠦᠮᠦᠴᠢᠨ ᠳᠤ ᠭᠠᠯ ᠤᠨ ᠴᠡᠬᠡᠷ ᠲᠠᠶᠢᠯᠬᠤ ᠳᠠᠭᠠᠨ ᠴᠡᠬᠡᠷ | ᠲᠠᠶᠢᠯᠤᠭᠰᠠᠨ ᠴᠠᠶᠢᠯᠠᠯᠭ᠎ᠠ ᠬᠢᠲᠡᠭ᠃ | ᠤᠷᠡᠳ ᠲᠤ ᠭᠠᠯ ᠲᠠᠬᠢᠭᠰᠠᠨ ᠤ ᠲᠠᠷᠠᠭ᠎ᠠ ᠭᠤᠷᠪᠡᠨ ᠦᠷᠯᠦᠬᠡ ᠲᠠᠷᠠᠭᠠᠯᠠᠨ ᠴᠠᠴᠤᠯᠭ᠎ᠠ ᠡᠷᠬᠦᠨ ᠮᠦᠷᠬᠦᠲᠡᠭ᠃ | ᠬᠡᠰᠢᠭᠲᠡᠨ᠂ ᠴᠠᠬᠠᠷ᠂ ᠰᠦᠨᠢᠳ ᠲᠤ ᠭᠠᠯ ᠤᠨ ᠴᠡᠬᠡᠷ ᠲᠠᠶᠢᠯᠤᠭᠰᠠᠨ ᠤ ᠲᠠᠷᠠᠭ᠎ᠠ ᠬᠡᠷ ᠢᠶᠠᠷ ᠢᠶᠠᠨ ᠲᠠᠯᠠᠯᠭᠠᠨ ᠬᠡᠰᠢᠭ | ᠠᠮᠰᠠᠵᠤ᠂ ᠬᠡᠰᠢᠭ ᠤᠨ ᠮᠢᠬ᠎ᠠ ᠶᠢ ᠬᠡᠰᠡᠭᠯᠡᠨ ᠲᠠᠪᠠᠭ ᠲᠤ ᠲᠠᠯᠪᠢᠵᠤ ᠠᠶᠢᠯ ᠠᠶᠢᠮᠠᠭ ᠲᠠᠭᠠᠨ ᠬᠦᠷᠬᠡᠲᠡᠭ᠃ ᠲᠠᠬᠢᠪᠡᠯ᠂ | ᠭᠠᠯ ᠲᠠᠬᠢᠬᠤ ᠠᠴᠠ ᠪᠢᠲᠡᠬᠦᠨ ᠪᠤᠯᠲᠠᠯ᠎ᠠ ᠲᠤᠯᠤᠭᠠᠨ ᠬᠤᠨᠤᠭ ᠮᠤᠲᠤᠨ ᠰᠢᠯᠪᠢᠬᠦᠷ ᠵᠠᠷᠤᠲᠠᠭ᠃ ᠨᠠᠭᠠᠴᠤ ᠶᠢᠨ ᠭᠠᠯ | ᠲᠠᠬᠢᠬᠤ ᠳᠤ ᠵᠢᠬᠡ ᠬᠦᠮᠦᠨ ᠤᠷᠤᠯᠴᠠᠲᠠᠭ ᠦᠬᠡᠢ᠃ ᠭᠠᠯ ᠲᠠᠬᠢᠵᠤ ᠲᠤᠰᠤᠭᠠᠯ ᠲᠤᠰᠤᠭᠠᠬᠤ ᠳᠤ ᠵᠢᠷᠮᠤᠰᠤᠨ | ᠪᠦᠰᠡᠬᠦᠢ ᠬᠠᠵᠠᠭᠤ ᠳᠤᠨᠢ ᠪᠠᠶᠢᠵᠤ ᠪᠤᠯᠬᠤ ᠦᠬᠡᠢ᠃ ᠭᠠᠯ ᠲᠠᠬᠢᠬᠤ ᠡᠪᠴᠢᠬᠦᠦ ᠶᠢ ᠴᠦᠮᠦᠬᠦ ᠳᠡᠭᠡᠨ ᠬᠤᠷᠤᠭᠤᠨ ᠤ | ᠶᠠᠰᠤ ᠶᠢ ᠮᠤᠯᠲᠤᠯᠬᠤ ᠶᠢ ᠴᠡᠬᠡᠷᠯᠡᠲᠡᠭ᠃ ᠭᠠᠯ ᠲᠠᠬᠢᠬᠤ ᠳᠠᠭᠠᠨ ᠭᠠᠯ ᠤᠨ ᠬᠠᠶᠢᠴᠢ ᠪᠠᠨ ᠨᠢᠭᠤᠵᠤ ᠲᠠᠯᠪᠢᠲᠠᠭ᠃ | ᠭᠠᠯ ᠲᠠᠬᠢᠭᠰᠠᠨ ᠤ ᠲᠠᠷᠠᠭ᠎ᠠ ᠭᠤᠷᠪᠡᠨ ᠬᠤᠨᠤᠭ ᠦᠨᠡᠰᠦ᠂ ᠬᠤᠭ ᠤᠨ ᠵᠦᠢᠯ ᠭᠠᠷᠭᠠᠬᠤ ᠶᠢ ᠴᠡᠬᠡᠷᠯᠡᠬᠦ ᠮᠡᠲᠦ ᠶᠢᠨ | ᠤᠯᠠᠨ ᠴᠡᠬᠡᠷ ᠪᠠᠶᠢᠲᠠᠭ᠃ | ᠬᠤᠲᠠ ᠶᠢᠨ ᠮᠤᠩᠭᠤᠯᠴᠤᠳ ᠤᠨ ᠭᠠᠯ ᠲᠠᠬᠢᠯᠭ᠎ᠠ ᠨᠡᠶᠢᠬᠡᠮ ᠤᠨ ᠲᠠᠪᠰᠢᠯᠲᠠ ᠬᠦᠭᠵᠢᠯᠲᠡ ᠨᠢ ᠪᠠᠰᠠ ᠨᠢᠬᠡᠨ | ᠨᠡᠶᠢᠬᠡᠮ ᠤᠨ ᠦᠵᠡᠭᠲᠡᠯ ᠢ ᠪᠤᠢ ᠪᠤᠯᠭᠠᠵᠡᠢ᠃ ᠲᠠᠷᠤᠢ ᠬᠦᠲᠡᠭᠡ ᠶᠢᠨ ᠬᠦᠮᠦᠰ ᠬᠤᠲᠠ ᠪᠠᠯᠭᠠᠰᠤᠨ ᠳᠤ ᠤᠷᠤᠵᠤ | ᠠᠵᠤ ᠲᠦᠷᠦᠨ ᠠᠮᠢᠲᠤᠷᠡᠬᠤ ᠦᠵᠡᠭᠲᠡᠯ ᠦᠪᠦᠷ ᠮᠤᠩᠭᠤᠯ ᠤᠨ ᠡᠯ᠎ᠡ ᠠᠶᠢᠮᠠᠭ ᠬᠤᠲᠠ ᠪᠠᠷ ᠪᠦᠷ ᠦᠵᠡᠭᠲᠡᠬᠦ | ᠪᠤᠯᠵᠡᠢ᠃ ᠲᠡᠬᠡᠪᠡᠯ ᠬᠤᠲᠠ ᠤᠷᠤᠭᠰᠠᠨ ᠮᠤᠩᠭᠤᠯᠴᠤᠳ ᠭᠠᠯ ᠢᠶᠠᠨ ᠶᠠᠭᠠᠬᠢᠵᠤ ᠲᠠᠬᠢᠲᠠᠭ ᠪᠤᠯ︖ ᠲᠡᠲᠠ ᠡᠨᠡᠬᠦ | ᠰᠠᠶᠢᠬᠠᠨ ᠤᠯᠠᠮᠵᠢᠯᠠᠯ ᠢᠶᠠᠨ ᠵᠠᠯᠭᠠᠮᠵᠢᠯᠠᠨ ᠬᠦᠭᠵᠢᠬᠦᠯᠵᠦ ᠪᠠᠶᠢᠭ᠎ᠠ ᠪᠤᠯ ᠤᠤ︖ ᠤᠷᠴᠢᠮ ᠤᠨ ᠬᠡᠲᠦᠨ ᠵᠢᠯ ᠠᠴᠠ | ᠬᠤᠲᠠ ᠪᠠᠯᠭᠠᠰᠤ ᠪᠠᠷ ᠬᠠᠮᠲᠤ ᠶᠢᠨ ᠭᠠᠯ ᠲᠠᠬᠢᠯᠭ᠎ᠠ ᠬᠡᠬᠦ ᠰᠢᠨ᠎ᠡ ᠨᠡᠷᠡᠶᠢᠲᠦᠯ ᠡᠬᠦᠰᠴᠡᠢ᠃ ᠬᠤᠲᠠ ᠪᠠᠯᠭᠠᠰᠤᠨ ᠳᠤ | ᠰᠠᠭᠤᠷᠢᠰᠢᠭᠰᠠᠨ ᠮᠤᠩᠭᠤᠯᠴᠤᠳ ᠵᠤᠤᠬ᠎ᠠ ᠭᠠᠯᠯᠠᠬᠤ ᠪᠠᠨ ᠪᠠᠶᠢᠵᠤ᠂ ᠨᠡᠬᠦᠷᠡᠰᠦᠨ ᠬᠡᠢ ᠪᠤᠶᠤ ᠪᠠᠶᠢᠭᠠᠯᠢ ᠶᠢᠨ | ᠰᠢᠳᠠᠮᠠᠬᠠᠢ ᠬᠡᠢ ᠪᠠᠷ ᠬᠤᠭᠤᠯᠠ ᠪᠤᠲᠠᠭ᠎ᠠ ᠪᠠᠨ ᠪᠠᠵᠠᠭᠠᠵᠤ᠂ ᠭᠠᠯ ᠢᠶᠠᠨ ᠲᠠᠬᠢᠶ᠎ᠠ ᠬᠡᠳ ᠰᠠᠨᠠᠭ᠎ᠠ ᠪᠠᠶᠢᠭᠠᠳ ᠤᠨᠤᠭ᠎ᠠ | ᠬᠦᠷᠬᠦ ᠦᠬᠡᠢ ᠪᠠᠶᠢᠲᠠᠭ᠃ ᠡᠨᠡᠬᠦ ᠪᠠᠶᠢᠲᠠᠯ ᠠᠴᠠ ᠪᠤᠯᠵᠤ᠂ ᠬᠠᠮᠲᠤ ᠶᠢᠨ ᠭᠠᠯ ᠲᠠᠬᠢᠯᠭ᠎ᠠ ᠬᠡᠰᠡᠨ ᠨᠡᠷᠡᠶᠢᠲᠦᠯ ᠪᠤᠢ | ᠪᠤᠯᠵᠡᠢ᠃ ᠬᠦᠬᠡᠬᠡ ᠰᠠᠷ᠎ᠠ ᠶᠢᠨ ᠬᠤᠷᠢᠨ ᠭᠤᠷᠪᠡᠨ ᠲᠦᠷᠪᠡᠨ ᠪᠤᠯᠤᠭᠰᠠᠭᠠᠷ ᠮᠤᠩᠭᠤᠯᠴᠤᠳ ᠲᠤᠭᠲᠠᠭᠰᠠᠨ ᠭᠠᠵᠠᠷ | ᠮᠤᠩᠭᠤᠯ ᠢᠶᠠᠷ ᠢᠶᠠᠨ ᠭᠤᠶᠤᠯᠠᠵᠠᠭᠠᠵᠤ᠂ ᠲᠤᠯᠭ᠎ᠠ ᠪᠠᠨ ᠪᠠᠲᠠᠷᠠᠭᠠᠵᠤ᠂ ᠬᠠᠮᠲᠤ ᠪᠠᠷ ᠡᠷᠬᠦᠯ ᠪᠠᠷᠢᠴᠠ ᠪᠠᠨ ᠡᠷᠬᠦᠵᠦ᠂ | ᠭᠠᠯ ᠤᠨ ᠪᠤᠷᠬᠠᠨ ᠢᠶᠠᠨ ᠲᠠᠬᠢᠵᠤ᠂ ᠬᠡᠰᠢᠭ ᠬᠡᠶᠢᠮᠤᠷᠢ ᠪᠠᠨ ᠲᠠᠯᠯᠠᠲᠠᠭ᠃ | ᠡᠨᠡᠬᠦ ᠬᠦᠲᠡᠯᠬᠡᠬᠡᠨ ᠳᠤ ᠬᠤᠲᠠ ᠪᠠᠯᠭᠠᠰᠤᠨ ᠤ ᠮᠤᠩᠭᠤᠯᠴᠤᠳ ᠪᠦᠬᠦ ᠬᠡᠷ ᠢᠶᠠᠷ ᠢᠶᠠᠨ ᠤᠷᠤᠯᠴᠠᠵᠤ᠂ ᠬᠡᠦᠬᠡᠳ | ᠪᠠᠭᠠᠴᠤᠤᠯ ᠨᠢ ᠴᠤ ᠭᠠᠯ ᠲᠠᠬᠢᠯᠭ᠎ᠠ ᠶᠠᠭᠤ ᠬᠡᠲᠡᠭ ᠢ ᠤᠶᠢᠯᠠᠭᠠᠨ ᠮᠡᠲᠡᠲᠡᠭ ᠠᠴᠠ ᠵᠤᠬᠢᠢᠬᠤ ᠬᠡᠪᠴᠢᠶᠡᠨ ᠳᠤ | ᠮᠤᠩᠭᠤᠯ ᠰᠤᠶᠤᠯ ᠢᠶᠠᠨ ᠤᠯᠠᠮᠵᠢᠯᠠᠨ ᠵᠠᠯᠭᠠᠮᠵᠢᠯᠠᠭᠤᠯᠬᠤ ᠦᠢᠯᠡᠲᠦᠯ ᠦᠵᠡᠬᠦᠯᠵᠦ ᠪᠠᠶᠢᠲᠠᠭ᠃ ᠬᠠᠮᠲᠤ ᠶᠢᠨ ᠭᠠᠯ | ᠲᠠᠬᠢᠯᠭ᠎ᠠ ᠶᠢᠨ ᠲᠤᠬᠠᠢ ᠪᠦᠬᠡᠴᠢᠯᠠᠭᠤ ᠶᠠᠷᠢᠬᠤ ᠳᠠᠭᠠᠨ᠄ ︽ᠬᠠᠮᠲᠤ ᠶᠢᠨ ᠭᠠᠯ ᠲᠠᠬᠢᠯᠭ᠎ᠠ ᠨᠢ ᠬᠤᠲᠠ ᠪᠠᠯᠭᠠᠰᠤᠨ ᠤ | ᠮᠤᠩᠭᠤᠯᠴᠤᠳ ᠳᠤ ᠠᠪᠴᠤ ᠬᠡᠯᠡᠪᠡᠯ ᠲᠤᠩ ᠶᠡᠭᠡ ᠠᠴᠢ ᠬᠤᠯᠪᠤᠭᠲᠠᠯ ᠲᠠᠢ᠂ ᠦᠪᠡᠷ ᠤᠨ ᠤᠯᠠᠮᠵᠢᠯᠠᠯᠲᠤ | ᠰᠤᠶᠤᠯ ᠢᠶᠠᠨ ᠦᠷ᠎ᠡ ᠬᠤᠶᠢᠴᠢᠰ ᠲᠠᠭᠠᠨ ᠤᠯᠠᠮᠵᠢᠯᠠᠨ ᠵᠠᠯᠭᠠᠮᠵᠢᠯᠠᠵᠤ ᠴᠢᠲᠠᠬᠤ ᠪᠠᠷ ᠪᠠᠷᠠᠬᠤ ᠦᠬᠡᠢ᠂ ᠮᠤᠩᠭᠤᠯ | ᠰᠤᠶᠤᠯ ᠤᠨ ᠤᠷᠤᠨ ᠵᠡᠢ ᠪᠠᠭᠠᠰᠴᠤ ᠪᠠᠶᠢᠭ᠎ᠠ ᠬᠤᠲᠠ ᠭᠠᠵᠠᠷ ᠢᠶᠠᠷ ᠮᠤᠩᠭᠤᠯᠴᠤᠳ ᠦᠪᠡᠷ ᠤᠨ ᠬᠡᠰᠡᠨ ᠤᠷᠤᠨ | ᠵᠠᠢ ᠪᠠᠨ ᠤᠯᠬᠤ ᠳᠤ ᠮᠠᠰᠢ ᠶᠡᠭᠡ ᠲᠤᠰᠠᠲᠠᠢ᠂ ᠮᠤᠩᠭᠤᠯᠴᠤᠳ ᠮᠠᠨᠢ ᠰᠤᠶᠤᠯ ᠤᠨ ᠶᠡᠭᠡ ᠤᠷᠴᠢᠨ ᠳᠤ ᠬᠦᠯ | ᠤᠯᠠ ᠪᠠᠨ ᠤᠯᠬᠤ ᠦᠬᠡᠢ ᠪᠠᠶᠢᠭ᠎ᠠ ᠦᠨᠦᠲᠦᠷ ᠤᠨ ᠨᠡᠶᠢᠬᠡᠮ ᠳᠤ ᠲᠦᠢᠯ ᠤᠨ ᠶᠡᠭᠡ ᠰᠡᠩᠬᠡᠷᠡᠬᠦᠯᠬᠦ ᠠᠴᠢ | ᠬᠤᠯᠪᠤᠭᠲᠠᠯ ᠲᠠᠢ︾ ᠬᠡᠵᠦ ᠶᠠᠷᠢᠯ᠎ᠠ᠃ |