ᠲᠤᠯᠤᠭ᠎ᠠ ᠶᠢᠨ ᠲᠤᠭᠠᠨ ᠤ ᠪᠡᠯᠭᠡᠳᠠᠯ
ᠨᠡᠶᠢᠲᠡᠯᠡᠭᠰᠡᠨ ᠴᠠᠭ᠄
2019/1/11
      ᠲᠤᠯᠤᠭ᠎ᠠ ᠶᠢᠨ ᠲᠤᠭ᠎ᠠ ᠨᠢ ᠮᠤᠩᠭᠤᠯᠴᠤᠳ ᠤᠨ ᠲᠤᠭᠠᠨ ᠤ ᠪᠡᠯᠭᠡᠳᠠᠯ ᠳᠤ ᠥᠷᠭᠡᠨ ᠲᠠᠯᠭᠡᠷ ᠠᠭᠤᠯᠭ᠎ᠠ ᠲᠠᠢ ᠪᠠᠶᠢᠳᠠᠭ᠃ ᠤᠷᠴᠢᠯᠠᠩ ᠶᠢᠷᠳᠢᠨᠴᠤ ᠶᠢ ᠭᠥᠢ ᠶᠡᠭᠡᠳᠤ ᠶᠠᠷᠠ ᠶᠢᠰᠤᠨ ᠲᠡᠭᠷᠢ᠂ ᠭᠥᠪᠴᠢᠨ ᠶᠡᠭᠡᠳᠤ ᠲᠠᠯᠠᠨ ᠲᠤᠯᠤᠭᠠᠨ ᠡᠳᠥᠭᠡᠨ ᠭᠡᠭᠦ︔ ᠲᠤᠯᠤᠭᠠᠨ ᠲᠠᠪᠬᠤᠷ ᠭᠠᠵᠠᠷ᠂ ᠲᠠᠯᠠᠨ ᠲᠠᠪᠬᠤᠷ ᠭᠠᠵᠠᠷ᠂ ᠲᠠᠯᠠᠨ ᠲᠤᠯᠤᠭᠠᠨ ᠲᠠᠪᠬᠤᠷ ᠡᠳᠥᠭᠡᠨ᠂ ᠲᠤᠤᠷᠠᠳᠤ ᠶᠢᠨ ᠲᠤᠯᠤᠭᠠᠨ ᠤᠷᠤᠨ᠂ ᠲᠤᠤᠷᠠᠳᠤ ᠶᠢᠨ ᠲᠠᠯᠠᠨ ᠲᠤᠯᠤᠭᠠᠨ ᠯᠤᠤᠰ ᠤᠨ ᠤᠷᠤᠨ᠂ ᠲᠤᠯᠤᠭᠠᠨ ᠪᠤᠷᠬᠠᠨ ᠤᠳᠤ᠂ ᠲᠤᠯᠤᠭᠠᠨ ᠥᠡᠭᠭᠡ ᠶᠢᠨ ᠰᠤᠯᠤᠩᠭ᠎ᠠ ᠭᠡᠭᠦ︔ ᠴᠠᠭ ᠬᠤᠭᠤᠴᠠᠭ᠎ᠠ ᠶᠢ ᠨᠢᠭᠡ ᠲᠤᠯᠤᠭ᠎ᠠ ᠬᠤᠨᠤᠭ᠂ ᠬᠤᠶᠠᠷ ᠲᠤᠯᠤᠭ᠎ᠠ ᠬᠤᠨᠤᠭ᠂ ᠭᠤᠷᠪᠠᠨ ᠲᠤᠯᠤᠭ᠎ᠠ ᠬᠤᠨᠤᠭ᠂ ᠲᠤᠯᠤᠭᠠᠨ ᠲᠤᠯᠤᠭ᠎ᠠ ᠬᠤᠨᠤᠭ ᠭᠡᠭᠦ︔ ᠲᠤᠳᠤᠭᠠᠳᠤ ᠨᠢᠭᠤᠴᠠ ᠤᠪᠠᠳᠢᠰ ᠲᠠᠢ ᠲᠤᠭᠰᠢᠨ ᠬᠠᠷ᠎ᠠ ᠨᠤᠮ ᠢ ᠲᠤᠯᠤᠭᠠᠨ ᠬᠤᠨᠤᠭ ᠪᠢᠰᠢᠯᠭᠠᠬᠤ ᠭᠡᠭᠦ︔ ᠲᠤᠤᠯᠢ ᠶᠢᠨ ᠪᠠᠭᠠᠳᠤᠷ ᠲᠤᠯᠤᠭᠠᠨ ᠨᠠᠰᠤᠨ ᠳᠤ ᠪᠠᠨ ᠲᠤᠤᠷᠠᠳᠤ ᠶᠢᠨ ᠲᠤᠯᠤᠭᠠᠨ ᠤᠷᠤᠨ ᠤ ᠲᠤᠭᠰᠢᠨ ᠲᠠᠶᠢᠰᠤᠨ ᠢ ᠲᠤᠷᠦ᠋ᠢᠳᠠᠭᠤᠯᠵᠤ᠂ ᠲᠠᠭᠤᠳᠤ ᠨᠠᠷ᠎ᠠ ᠪᠠᠨ ᠮᠠᠨᠳᠤᠭᠤᠯᠬᠤ ᠭᠡᠭᠦ︔ ᠲᠤᠭᠰᠢᠨ ᠰᠢᠷ᠎ᠠ ᠴᠡᠷᠢᠭ ᠢᠶᠠᠷ ᠢᠶᠠᠨ ᠲᠤᠯᠤᠭᠠᠨ ᠲᠠᠪᠬᠤᠷ ᠪᠥᠰᠡᠯᠡᠭᠦ ᠭᠡᠭᠦ︔ ᠲᠤᠯᠤᠭᠠᠨ ᠨᠠᠷᠠ ᠭᠠᠷᠴᠤ᠂ ᠲᠤᠩ ᠶᠡᠭᠡ ᠭᠠᠴᠢᠭ ᠪᠤᠯᠬᠤ ᠭᠡᠭᠦ︔ ︽ᠵᠢᠩᠭᠠᠷ ᠤᠨ ᠲᠤᠤᠯᠢ︾ ᠳᠤ᠂ ᠵᠢᠩᠭᠠᠷ ᠤᠨ ᠲᠤᠭ ᠢ ᠲᠤᠭᠳᠤᠢ ᠲᠤᠳᠤᠷ᠎ᠠ ᠪᠠᠨ ᠪᠠᠶᠢᠬᠤᠯᠠᠷ ᠲᠤᠯᠤᠭᠠᠨ ᠨᠠᠷᠠᠨ ᠤ ᠭᠡᠷᠠᠯ ᠲᠠᠷᠤᠮ᠎ᠠ᠂ ᠲᠤᠭᠳᠤᠢ ᠠᠴᠠ ᠭᠠᠷᠬᠤᠯᠠᠷ ᠲᠠᠯᠠᠨ ᠨᠠᠷᠠᠨ ᠤ ᠭᠡᠭᠡᠨ ᠲᠠᠢ ᠠᠯᠳᠠᠨ ᠲᠤᠭ ᠭᠡᠭᠦ︔ ᠮᠤᠩᠭᠤᠯ ᠠᠮᠠᠨ ᠥᠯᠢᠭᠡᠷ ᠲᠤ᠂ ᠲᠤᠯᠤᠭᠠᠨ ᠭᠥᠪᠡᠭᠦᠨ ᠲᠠᠢ᠂ ᠲᠤᠯᠤᠭᠠᠨ ᠬᠠᠷ᠎ᠠ ᠢᠮᠠᠭ᠎ᠠ ᠲᠠᠢ᠂ ᠲᠤᠯᠤᠭᠠᠨ ᠬᠠᠯᠳᠠᠷ ᠤᠬᠤᠨ᠎ᠠ ᠲᠠᠢ ᠭᠡᠭᠦ︔ ᠮᠥᠨ ᠲᠤᠯᠤᠭᠠᠨ ᠲᠤᠭᠰᠢᠳ᠂ ᠮᠠᠭᠤ ᠡᠷ᠎ᠠ ᠶᠢᠨ ᠲᠤᠯᠤᠭᠠᠨ ᠰᠢᠨᠵᠢ᠂ ᠲᠤᠯᠤᠭᠠᠨ ᠡᠭᠢ ᠲᠠᠢ ᠭᠤᠤᠯ᠂ ᠲᠠᠯᠠᠨ ᠡᠭᠢ ᠲᠠᠢ ᠲᠠᠯᠠᠢ ᠭᠡᠭᠦ ᠪᠠ ᠲᠠᠯᠠᠨ ᠭᠡᠯᠡᠨ ᠤ ᠰᠢᠪᠠᠭᠤ᠂ ᠲᠠᠯᠠᠨ ᠥᠡᠭᠭᠡ ᠶᠢᠨ ᠭᠥᠷᠥᠭᠡᠰᠤ᠂ ᠲᠠᠯᠠᠨ ᠬᠤᠳᠠᠯᠴᠢ ᠶᠢᠨ ᠥᠯᠢᠭᠡᠷ ᠭᠡᠭᠦ ᠮᠠᠳᠤᠴᠢᠯᠠᠨ ᠪᠡᠯᠭᠡᠳᠠᠨ ᠢᠯᠠᠳᠭᠡᠳᠡᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号