ᠶᠢᠰᠤ ᠶᠢᠨ ᠲᠤᠭᠠᠨ ᠤ ᠪᠡᠯᠭᠡᠳᠠᠯ
ᠨᠡᠶᠢᠲᠡᠯᠡᠭᠰᠡᠨ ᠴᠠᠭ᠄
2019/1/14
      ᠶᠢᠰᠤ ᠶᠢᠨ ᠲᠤᠭ᠎ᠠ ᠨᠢ ᠮᠤᠩᠭᠤᠯᠴᠤᠳ ᠤᠨ ᠲᠤᠭᠠᠨ ᠤ ᠪᠡᠯᠭᠡᠳᠠᠯ ᠳᠤ ᠨᠠᠩ ᠲᠥᠭᠡᠮᠠᠯ ᠪᠠᠶᠢᠳᠠᠭ᠃ ᠲᠡᠭᠡᠳᠤ ᠲᠡᠭᠷᠢ ᠶᠢ ᠶᠠᠷᠠ ᠶᠢᠰᠤᠨ ᠲᠡᠭᠷᠢ ᠭᠡᠭᠦ᠂ ᠮᠤᠩᠭᠤᠯ ᠤᠨ ᠲᠤᠯᠭᠤᠷ ᠲᠥᠷᠥ ᠶᠢᠨ ᠲᠤᠭ ᠰᠥᠯᠳᠠ ᠪᠠᠨ ᠶᠢᠰᠤᠨ ᠭᠥᠯᠳᠤ ᠴᠠᠭᠠᠨ ᠲᠤᠭ ᠭᠡᠭᠦ᠂ ᠬᠠᠭᠠᠨ ᠲᠥᠷᠥ ᠶᠢᠨ ᠭᠠᠪᠢᠶᠠᠳᠤ ᠵᠢᠳᠭᠦᠯᠳᠠᠨ ᠢᠶᠠᠨ ᠶᠢᠰᠤᠨ ᠥᠷᠯᠥᠭ ᠭᠡᠭᠦ᠂ ᠬᠠᠤᠯᠢ ᠵᠢᠷᠤᠮ ᠤᠨ ᠭᠠᠪᠢᠶ᠎ᠠ ᠵᠢᠳᠭᠦᠯ᠂ ᠶᠠᠯ᠎ᠠ ᠰᠢᠳᠭᠡᠯ ᠢᠶᠠᠨ ᠶᠢᠰᠤᠨ ᠠᠴᠢ᠂ ᠶᠢᠰᠤᠨ ᠠᠯᠳᠠᠯ ᠭᠡᠭᠦ᠂ ᠡᠵᠠᠮᠰᠢᠨ ᠵᠠᠭᠢᠷᠤᠭᠰᠠᠨ ᠨᠤᠳᠤᠭ ᠤᠷᠤᠨ ᠢᠶᠠᠨ ᠶᠢᠰᠤᠨ ᠭᠡᠯᠡᠳᠠᠨ ᠤ ᠤᠯᠤᠰ ᠭᠡᠭᠦ᠂ ᠤᠭᠰᠠᠭ᠎ᠠ ᠲᠥᠷᠥᠯ ᠤᠨ ᠥᠶ᠎ᠠ ᠵᠠᠯᠭᠠᠮᠵᠢ ᠪᠠᠨ ᠶᠢᠰᠤᠨ ᠲᠥᠷᠥᠯ᠂ ᠶᠢᠰᠤᠨ ᠥᠶ᠎ᠠ ᠭᠡᠭᠦ᠂ ᠤᠶᠤᠨ ᠤᠬᠠᠭᠠᠨ᠂ ᠢᠳᠡ ᠴᠢᠳᠠᠯ ᠤᠨ ᠪᠠᠷᠢᠮᠵᠢᠶ᠎ᠠ ᠶᠢ ᠶᠢᠰᠤᠨ ᠭᠥᠰᠡᠯ᠂ ᠶᠢᠰᠤᠨ ᠡᠷᠳᠠᠮ᠂ ᠶᠢᠰᠤᠨ ᠭᠥᠴᠥᠨ᠂ ᠡᠷ᠎ᠠ ᠶᠢᠨ ᠶᠡᠷᠠ ᠶᠢᠰᠤᠨ ᠡᠷᠳᠠᠮ ᠭᠡᠭᠦ᠂ ᠲᠠᠭᠢᠯᠭ᠎ᠠ ᠲᠠᠶᠢᠯᠭ᠎ᠠ ᠶᠢᠨ ᠡᠷᠭᠦᠯ ᠮᠥᠷᠭᠦᠯ ᠢᠶᠠᠨ ᠶᠢᠰᠤᠨ ᠰᠠᠴᠤᠯᠢ᠂ ᠶᠢᠰᠤᠨ ᠮᠥᠷᠭᠦᠯ ᠭᠡᠭᠦ᠂ ᠬᠠᠮᠤᠭ ᠤᠨ ᠲᠡᠭᠡᠳᠤ ᠭᠥᠨᠳᠤᠳᠭᠡᠯ ᠪᠡᠯᠡᠭ ᠢᠶᠠᠨ ᠶᠢᠰᠤ ᠶᠢᠰᠤᠠ ᠨᠠᠶᠠᠨ ᠨᠢᠭᠡᠨ ᠪᠡᠯᠡᠭ ᠪᠤᠶᠤ ᠶᠢᠰᠤᠨ ᠴᠠᠭᠠᠨ ᠤ ᠪᠡᠯᠡᠭ ᠭᠡᠭᠦ᠂ ᠪᠥᠭᠡ ᠶᠢᠨ ᠡᠷᠳᠠᠮ ᠰᠢᠳᠢ ᠶᠢᠨ ᠰᠢᠯᠭᠠᠭᠤᠯᠢ ᠶᠢ ᠶᠢᠰᠤᠨ ᠲᠠᠪᠠᠭ᠎ᠠ ᠲᠠᠪᠠᠭ᠋ᠤ ᠭᠡᠭᠦ᠂ ᠠᠭᠤᠯᠠ ᠬᠠᠶᠢᠷᠬᠠᠨ᠂ ᠨᠤᠳᠤᠭ ᠤᠰᠤ ᠪᠠᠨ ᠶᠢᠰᠤᠨ ᠬᠠᠶᠢᠷᠬᠠᠨ᠂ ᠶᠢᠰᠤᠨ ᠤᠪᠤᠭ᠎ᠠ᠂ ᠶᠢᠰᠤᠨ ᠮᠥᠷᠠᠨ ᠭᠡᠭᠦ᠂ ᠴᠠᠭ ᠬᠤᠭᠤᠴᠠᠭ᠎ᠠ ᠶᠢ ᠶᠢᠰᠤ ᠪᠠᠷ ᠭᠡᠮᠵᠢᠶᠠᠯᠠᠨ ᠶᠢᠰᠤᠨ ᠡᠳᠤᠷ᠂ ᠶᠢᠰᠤᠨ ᠬᠤᠨᠤᠭ᠂ ᠶᠢᠰᠤᠨ ᠰᠠᠷ᠎ᠠ᠂ ᠶᠢᠰᠤᠨ ᠵᠢᠯ ᠭᠡᠭᠦ ᠪᠠ ᠢᠷᠡᠭᠰᠡᠨ ᠶᠡᠷᠠ ᠶᠢᠰᠤᠨ ᠵᠢᠯ᠂ ᠢᠷᠡᠭᠡᠳᠤᠢ ᠶᠠᠷᠠ ᠶᠢᠰᠤᠨ ᠵᠢᠯ ᠭᠡᠭᠦ᠂ ᠴᠠᠭ ᠠᠭᠤᠷ ᠤᠨ ᠰᠢᠨᠵᠢᠯᠡᠯ ᠳᠤ ᠡᠪᠤᠯ ᠤᠨ ᠭᠥᠢᠳᠠᠨ ᠢ ᠨᠢᠭᠡ ᠶᠢᠰᠤ᠂ ᠬᠤᠶᠠᠷ ᠶᠢᠰᠤ ᠭᠡᠭᠦᠴᠢᠯᠠᠨ ᠶᠢᠰᠤ ᠶᠢᠰᠤ ᠬᠤᠪᠢᠶᠠᠳᠠᠭ ᠪᠠ ᠭᠥᠢᠳᠠᠨ ᠤ ᠢᠳᠠ ᠶᠢ ᠥᠨᠳᠤᠰᠤᠯᠠᠨ ︽ᠪᠠᠯᠴᠢᠷ ᠭᠤᠷᠪᠠᠨ ᠶᠢᠰᠤ︾᠂ ︽ᠢᠳᠡᠷ ᠭᠤᠷᠪᠠᠨ ᠶᠢᠰᠤ︾᠂ ︽ᠡᠮᠡᠭᠡᠨ ᠭᠤᠷᠪᠠᠨ ᠶᠢᠰᠤ︾ ᠭᠡᠳᠡᠭ᠃ ᠲᠠᠷᠠᠴᠢᠯᠡᠨ ᠶᠢᠰᠤᠨ ᠥᠡᠭᠭᠡ ᠶᠢᠨ ᠰᠤᠯᠤᠩᠭ᠎ᠠ᠂ ᠶᠢᠰᠤᠨ ᠥᠡᠭᠭᠡ ᠶᠢᠨ ᠰᠢᠪᠠᠭᠤᠳ᠂ ᠶᠢᠰᠤᠨ ᠵᠥᠢᠯ ᠤᠨ ᠠᠮᠢᠳᠠᠨ᠂ ᠶᠢᠰᠤᠨ ᠠᠮᠳᠠᠳᠤ ᠢᠳᠡᠭᠡᠨ᠂ ᠶᠢᠰᠤᠨ ᠵᠥᠢᠯ ᠤᠨ ᠵᠠᠪᠰᠡᠭ᠂ ᠶᠠᠷᠠ ᠶᠢᠰᠤᠨ ᠵᠠᠪᠰᠡᠭ᠂ ᠶᠠᠷᠠ ᠶᠢᠰᠤᠨ ᠨᠤᠳᠤᠭ᠂ ᠶᠠᠷᠠ ᠶᠢᠰᠤᠨ ᠰᠠᠯᠠᠭ᠎ᠠ ᠵᠠᠮ ᠭᠡᠭᠦ ᠵᠠᠷᠭᠡ ᠪᠠᠷ ᠶᠠᠩᠵᠤ ᠪᠥᠷᠢ ᠶᠢᠨ ᠪᠡᠯᠭᠡᠳᠠᠯ ᠤᠳᠬ᠎ᠠ ᠶᠢ ᠢᠯᠡᠳᠭᠡᠳᠡᠭ᠃ ᠮᠤᠩᠭᠤᠯᠴᠤᠳ ᠤᠨ ᠲᠤᠭᠠᠨ ᠤ ᠪᠡᠯᠭᠡᠳᠠᠯ ᠨᠢ ᠡᠨᠡ ᠮᠠᠳᠤ ᠪᠠᠷ ᠶᠠᠩᠵᠤ ᠪᠥᠷᠢ ᠶᠢᠨ ᠲᠤᠭ᠎ᠠ ᠪᠠᠷ ᠠᠳᠠᠯᠢ ᠪᠤᠰᠤ ᠪᠡᠯᠭᠡᠳᠠᠯ ᠤᠳᠬ᠎ᠠ ᠶᠢ ᠢᠯᠠᠳᠭᠡᠭᠦ ᠳᠤ ᠪᠠᠨ ᠬᠤᠭᠤᠷᠤᠨᠳᠤ ᠪᠠᠨ ᠨᠢᠭᠳᠠ ᠤᠶᠠᠯᠳᠤᠭ᠎ᠠ ᠲᠠᠢ ᠪᠠᠶᠢᠳᠠᠭ ᠪᠥᠭᠡᠳ ᠬᠤᠪᠢᠰᠤᠩᠭᠤᠢ ᠰᠢᠨᠵᠢ ᠪᠠᠷ ᠤᠯᠠᠨ ᠲᠠᠯᠠᠵᠢᠭᠰᠠᠨ ᠤᠳᠬ᠎ᠠ ᠶᠢ ᠬᠠᠳᠠᠭᠠᠯᠠᠭᠰᠠᠭᠠᠷ ᠢᠷᠠᠵᠠᠢ᠃  
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号