ᠪᠠᠷᠠᠭᠤᠨ ᠵᠥᠭ ᠤᠨ ᠪᠡᠯᠭᠡᠳᠠᠯ
ᠨᠡᠶᠢᠲᠡᠯᠡᠭᠰᠡᠨ ᠴᠠᠭ᠄
2019/1/16
      ᠪᠠᠷᠠᠭᠤᠨ ᠵᠥᠭ ᠨᠢ ᠮᠤᠩᠭᠤᠯᠴᠤᠳ ᠤᠨ ᠵᠥᠭ ᠴᠢᠭ ᠤᠨ ᠪᠡᠯᠭᠡᠳᠠᠯ ᠤᠨ ᠥᠢᠯᠠᠭᠠᠯᠳᠠ ᠳᠤ᠂ ᠴᠠᠭᠠᠨ ᠲᠠᠮᠤᠷ ᠵᠥᠭ᠂ ᠰᠠᠶᠢᠨ ᠥᠢᠯᠨ ᠶᠢᠨ ᠲᠠᠪᠢᠨ ᠲᠠᠪᠤᠨ ᠴᠠᠭᠠᠨ ᠲᠡᠭᠷᠢ ᠶᠢᠨ ᠵᠥᠭ᠂ ᠴᠠᠭᠠᠨ ᠮᠥᠷ ᠤᠳᠤᠷᠢᠳᠬᠤ ᠵᠥᠭ ᠭᠡᠳᠡᠭ᠃ ᠡᠭᠦᠨ ᠢᠶᠠᠷ ᠢᠶᠠᠨ ᠪᠠᠷᠠᠭᠤᠨ ᠲᠠᠯ᠎ᠠ ᠶᠢ ᠲᠡᠭᠡᠳᠥᠯᠡᠭᠦ ᠰᠠᠳᠭᠢᠯᠭᠡ ᠡᠭᠦᠰᠪᠤᠷᠢᠯᠠᠵᠤ᠂ ᠪᠠᠷᠠᠭᠤᠨ ᠲᠠᠯ᠎ᠠ ᠲᠠᠢ ᠬᠤᠯᠪᠤᠭᠳᠠᠭᠰᠠᠨ ᠠᠯᠢ ᠤᠯᠠᠨ ᠵᠠᠩ ᠥᠢᠯᠨ ᠪᠥᠷᠢᠯᠳᠥᠭᠰᠡᠨ ᠪᠠᠶᠢᠳᠠᠭ᠃ ᠲᠤᠬᠠᠢᠢᠯᠠᠪᠠᠯ᠂ ᠪᠠᠷᠠᠭᠤᠨ ᠲᠢᠪ ᠢ ᠡᠵᠡᠯᠡᠭᠴᠢ ᠪᠠᠭᠠᠳᠤᠷ ᠢᠳᠡᠳᠡᠨ᠂ ᠭᠥᠴᠥᠨ ᠴᠢᠳᠠᠯ ᠲᠠᠢ ᠭᠥᠴᠥᠷᠭᠡᠭᠴᠤᠳ ᠤᠨ ᠤᠷᠤᠨ ᠭᠡᠭᠦ︔ ᠲᠥᠷᠥ ᠶᠤᠰᠤᠨ ᠤ ᠰᠠᠭᠤᠳᠠᠯ ᠳᠤ ᠪᠠᠷᠠᠭᠤᠨ ᠲᠠᠯ᠎ᠠ ᠳᠤ ᠪᠢᠯᠢᠭ ᠤᠬᠠᠭᠠᠨᠳᠠᠳ ᠰᠠᠭᠤᠬᠤ ᠭᠡᠭᠦ︔ ᠪᠠᠭᠠᠳᠤᠷᠴᠤᠳ ᠤᠨ ᠷᠢᠳᠢ ᠰᠢᠳᠢᠳᠤ ᠨᠢᠰᠳᠡᠭ ᠭᠥᠯᠥᠭ ᠢᠶᠠᠨ ᠭᠡᠷ ᠤᠨ ᠢᠶᠠᠨ ᠪᠠᠷᠠᠭᠤᠨ ᠲᠠᠯ᠎ᠠ ᠳᠤ ᠤᠶᠠᠳᠠᠭ ᠪᠠ ᠭᠡᠷ ᠤᠨ ᠡᠮᠥᠨᠡᠭᠢ ᠬᠤᠶᠠᠷ ᠤᠶᠠᠭ᠎ᠠ ᠶᠢᠨ ᠪᠠᠷᠠᠭᠤᠨ ᠲᠠᠯ᠎ᠠ ᠶᠢᠨ ᠬᠢ ᠳᠤ ᠨᠢ ᠵᠤᠴᠢᠨ ᠮᠤᠷᠢ ᠪᠠᠨ ᠤᠶᠠᠬᠤ ᠭᠡᠭᠦ︔ ᠤᠷᠤᠨ ᠰᠠᠭᠤᠴᠠ ᠶᠢᠨ ᠤᠷᠤᠨ ᠪᠠᠶᠢᠷᠢ ᠶᠢᠨ ᠬᠤᠪᠢᠶᠠᠷᠢᠯᠠᠯ ᠤᠨ ᠬᠤᠪᠢ ᠳᠤ᠂ ᠭᠡᠷ ᠤᠨ ᠪᠠᠷᠠᠭᠤᠨ ᠬᠤᠶᠢᠳᠤ ᠲᠠᠯ᠎ᠠ ᠨᠢ ᠪᠤᠷᠬᠠᠨ ᠤ ᠤᠷᠤᠨ᠂ ᠪᠠᠷᠠᠭᠤᠨ ᠲᠠᠯ᠎ᠠ ᠨᠢ ᠭᠡᠷ ᠤᠨ ᠡᠵᠠᠨ᠂ ᠵᠤᠴᠢᠨ ᠤ ᠰᠠᠭᠤᠳᠠᠯ ᠭᠡᠭᠦ︔ ᠮᠤᠩᠭᠤᠯ ᠭᠡᠷ ᠤᠨ ᠢᠰᠡᠭᠡᠢ ᠡᠭᠦᠳᠠ ᠶᠢ ᠪᠠᠷᠠᠭᠤᠨ ᠲᠠᠰᠢ ᠰᠠᠭᠦᠵᠥ ᠤᠷᠤᠬᠤ︔ ᠬᠠᠳᠠᠪᠴᠢᠨ ᠭᠤᠤᠯ ᠢᠶᠠᠷ ᠴᠢᠭ ᠪᠤᠯᠭᠠᠵᠤ᠂ ᠪᠠᠷᠠᠭᠤᠨ ᠢ ᠨᠢ ᠵᠥᠪ ᠲᠠᠯ᠎ᠠ᠂ ᠵᠡᠭᠦᠨ ᠢ ᠨᠢ ᠪᠤᠷᠤᠭᠤ ᠲᠠᠯ᠎ᠠ ᠭᠡᠵᠥ ᠢᠯᠭᠠᠭᠠᠳ᠂ ᠬᠠᠳᠠᠪᠴᠢ ᠠᠯᠬᠤᠵᠤ ᠤᠷᠤᠬᠤ ᠳᠤ ᠪᠠᠨ ᠵᠥᠪ ᠲᠠᠯ᠎ᠠ ᠶᠢ ᠨᠢ ᠪᠠᠷᠢᠵᠥ ᠤᠷᠤᠬᠤ︔ ᠭᠥᠮᠥᠨ ᠤ ᠪᠠᠶ᠎ᠠ ᠡᠷᠭᠡᠳᠠᠨ ᠤ ᠪᠠᠷᠠᠭᠤᠨ ᠭᠠᠷ ᠲᠠᠯ᠎ᠠ ᠶᠢ ᠵᠥᠪ ᠲᠠᠯ᠎ᠠ ᠭᠡᠵᠤ᠂ ᠴᠠᠢ ᠬᠤᠭᠤᠯᠠ ᠠᠶᠠᠭᠠᠯᠠᠬᠤ᠂ ᠪᠡᠯᠡᠭ ᠰᠠᠯᠳᠠ ᠪᠠᠷᠢᠬᠤ ᠳᠤ ᠪᠠᠨ ᠪᠠᠷᠠᠭᠤᠨ ᠭᠠᠷ ᠢᠶᠠᠷ ᠢᠶᠠᠨ ᠲᠡᠪᠰᠢᠭᠦᠯᠭᠦ᠂ ᠪᠤᠱᠤᠭ᠎ᠠ ᠠᠯᠬᠤᠵᠤ ᠤᠷᠤᠬᠤ ᠳᠤ ᠪᠠᠨ ᠪᠠᠷᠠᠭᠤᠨ ᠭᠥᠯ ᠢᠶᠠᠷ ᠢᠶᠠᠨ ᠠᠯᠬᠤᠬᠤ ᠵᠠᠷᠭᠡ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号