ᠤᠷᠳᠤ ᠵᠥᠭ ᠤᠨ ᠪᠡᠯᠭᠡᠳᠠᠯ
ᠨᠡᠶᠢᠲᠡᠯᠡᠭᠰᠡᠨ ᠴᠠᠭ᠄
2019/1/18
      ᠤᠷᠳᠤ ᠵᠥᠭ ᠨᠢ ᠭᠠᠯ ᠤᠯᠠᠭᠠᠨ ᠵᠥᠭ᠂ ᠡᠷᠭᠡᠳᠤ ᠮᠥᠡᠭᠭᠡ ᠲᠡᠭᠷᠢ ᠶᠢᠨ ᠤᠷᠤᠰᠢᠬᠤ ᠵᠥᠭ ᠭᠡᠳᠡᠭ᠃ ᠤᠷᠳᠤ ᠵᠥᠭ ᠢ ᠡᠳ᠋ ᠠᠭᠤᠷᠠᠰᠤᠨ ᠢ ᠡᠳ᠋ᠯᠡᠭᠦ ᠵᠥᠭ ᠭᠡᠵᠥ᠂ ᠭᠡᠷ ᠤᠷᠤᠨ ᠤ ᠡᠭᠦᠳᠠ ᠬᠠᠭᠠᠯᠭ᠎ᠠ᠂ ᠮᠠᠯ ᠤᠨᠤᠭᠠᠨ ᠤ ᠭᠥᠷᠢᠶ᠎ᠠ ᠬᠠᠰᠢᠶ᠎ᠠ ᠶᠢ ᠤᠷᠳᠤ ᠵᠥᠭ ᠲᠤ ᠬᠠᠨᠳᠤᠭᠤᠯᠬᠤ︔ ᠨᠤᠳᠤᠭ ᠪᠠᠭᠤᠴᠠ ᠰᠤᠩᠭᠤᠬᠤ ᠳᠤ ᠪᠠᠨ ᠠᠷᠤ ᠶᠢᠨ ᠲᠥᠰᠢᠯᠭᠡ ᠶᠢ ᠠᠩᠬᠠᠷᠴᠤ᠂ ᠡᠮᠥᠨ᠎ᠠ ᠲᠠᠯ᠎ᠠ ᠳᠤ ᠪᠠᠨ ᠥᠨᠳᠤᠷ ᠠᠭᠤᠯᠠ ᠪᠠᠶᠢᠬᠤ ᠠᠴᠠ ᠵᠠᠶᠢᠯᠠᠰᠭᠢᠬᠦ ᠪᠤᠶᠤ ᠡᠭᠦᠳᠠ ᠬᠠᠭᠠᠯᠭ᠎ᠠ ᠶᠢ ᠠᠭᠤᠯᠠ ᠶᠢᠨ ᠱᠤᠪᠬᠤ ᠤᠷᠤᠢ ᠠᠰᠯᠠᠭᠤᠯᠬᠤ ᠶᠢ ᠴᠡᠭᠡᠷᠯᠡᠭᠦ︔ ᠮᠤᠷᠢᠨ ᠤᠶᠠᠭ᠎ᠠ ᠪᠤᠯᠤᠨ ᠤᠨᠠᠭ᠎ᠠ᠂ ᠲᠤᠭᠤᠯ ᠤᠨ ᠵᠠᠯ᠎ᠠ ᠶᠢ ᠭᠡᠷ ᠤᠷᠤᠨ ᠤ ᠤᠷᠳᠤ ᠲᠠᠯ᠎ᠠ ᠪᠠᠷ ᠪᠠᠶᠢᠷᠢᠰᠢᠭᠤᠯᠬᠤ︔ ᠭᠡᠶᠢᠴᠢᠨ ᠵᠤᠴᠢᠨ ᠠᠶᠢᠯ ᠬᠤᠳᠠ ᠳᠤ ᠤᠷᠤᠬᠤ ᠳᠤ ᠪᠠᠨ ᠪᠠᠷᠠᠭᠤᠨ ᠤᠷᠳᠤ ᠵᠥᠭ ᠠᠴᠠ ᠢᠷᠡᠭᠦ ᠵᠠᠷᠭᠡ ᠪᠠᠷ ᠲᠡᠭᠡᠳᠥᠯᠡᠭᠦ ᠵᠠᠩᠰᠢᠯ ᠲᠠᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号