ᠭᠥᠭᠡ ᠥᠩᠭᠡ ᠪᠤᠯ ᠮᠤᠩᠭᠤᠯᠴᠤᠳ ᠤᠨ ᠡᠷᠳᠠᠨ ᠠᠴᠠ ᠡᠷᠭᠢᠮᠯᠠᠨ ᠲᠡᠭᠡᠳᠥᠯᠡᠭᠰᠡᠭᠡᠷ ᠢᠷᠡᠭᠰᠡᠨ | ᠥᠩᠭᠡ ᠶᠢᠨ ᠨᠢᠭᠡ ᠪᠤᠯᠤᠨ᠎ᠠ᠃ ᠡᠷᠳᠠᠮᠳᠠᠳ ᠭᠥᠭᠡ ᠥᠩᠭᠡ ᠶᠢᠨ ᠲᠤᠬᠠᠢ ᠥᠭᠦᠯᠡᠭᠰᠡᠨ ᠵᠤᠭᠢᠶᠠᠯ ᠳᠤ ᠪᠠᠨ ︽ᠭᠥᠭᠡ | ᠥᠩᠭᠡ ᠶᠢ ᠠᠮᠤᠭᠤᠯᠠᠩ ᠮᠥᠩᠭᠡ ᠶᠢᠨ ᠥᠩᠭᠡ ᠪᠠᠷ ᠭᠡᠷᠡᠭᠯᠡᠵᠤ ᠪᠠᠶᠢᠭᠰᠠᠨ ᠨᠢ ᠲᠠᠤᠭᠡᠨ ᠤᠴᠢᠷ ᠲᠠᠢ︾᠂ ︽ᠭᠥᠭᠡ | ᠥᠩᠭᠡ ᠨᠢ ᠭᠥᠮᠥᠨ ᠤ ᠰᠠᠳᠭᠢᠯ ᠰᠠᠨᠠᠭ᠎ᠠ ᠶᠢ ᠠᠭᠤᠵᠢᠷᠠᠭᠤᠯᠤᠨ ᠲᠠᠶᠢᠪᠤᠰᠢᠷᠠᠭᠤᠯᠬᠤ᠂ ᠪᠠᠶᠢᠭᠠᠯᠢ ᠶᠢᠨ | ᠥᠵᠡᠭᠳᠠᠯ ᠤᠨ ᠰᠥᠷ ᠭᠥᠴᠤ ᠶᠢ ᠢᠯᠠᠷᠭᠡᠶᠢᠯᠡᠭᠦ᠂ ᠭᠤᠤᠯ ᠮᠥᠷᠠᠨ᠂ ᠤᠰᠤᠨ ᠤ ᠲᠤᠯᠭᠢᠶᠠᠨ ᠢᠶᠠᠷ ᠪᠠᠷᠠᠭᠳᠠᠰᠢ ᠥᠭᠡᠢ | ᠭᠥᠴᠤ ᠴᠢᠳᠠᠯ᠂ ᠥᠨᠡᠨᠴᠢ ᠰᠢᠳᠥᠷᠭᠤ ᠵᠠᠩ ᠲᠥᠷᠭᠦ ᠪᠤᠯᠤᠨ ᠵᠤᠷᠢᠭ ᠰᠠᠮᠪᠠᠭ᠎ᠠ ᠶᠢ ᠢᠯᠠᠷᠭᠡᠶᠢᠯᠡᠭᠦ ᠳᠤ ᠭᠤᠤᠯ | ᠥᠩᠭᠡ ᠪᠤᠯᠵᠤ ᠢᠷᠠᠵᠠᠢ︾ ᠭᠡᠭᠦ ᠮᠠᠳᠤ ᠪᠠᠷ ᠭᠥᠭᠡ ᠥᠩᠭᠡ ᠶᠢᠨ ᠪᠡᠯᠭᠡᠳᠠᠯ ᠤᠳᠬ᠎ᠠ ᠶᠢ ᠲᠠᠶᠢᠯᠪᠤᠷᠢᠯᠠᠵᠤ ᠪᠢᠯᠨ᠃ | ᠭᠥᠭᠡ ᠥᠩᠭᠡ ᠶᠢᠨ ᠪᠡᠯᠭᠡᠳᠠᠯ ᠲᠥᠷᠰᠥᠯᠡᠯ ᠨᠢ ᠮᠤᠩᠭᠤᠯ ᠠᠷᠠᠳ ᠤᠨ ᠠᠮᠠᠨ ᠵᠤᠭᠢᠶᠠᠯ ᠤᠨ ᠪᠥᠳᠥᠭᠡᠯ ᠤᠳ ᠪᠤᠯᠤᠨ | ᠪᠢᠴᠢᠭ ᠤᠨ ᠵᠤᠭᠢᠶᠠᠯ ᠳᠤ ᠴᠤ ᠥᠷᠭᠡᠨ ᠭᠡᠪᠴᠢᠶ᠎ᠠ ᠪᠠᠷ ᠭᠡᠷᠡᠭᠯᠡᠭᠳᠠᠵᠤ᠂ ᠤᠯᠠᠮᠵᠢᠯᠠᠯ ᠤᠨ ᠲᠤᠭᠳᠠᠩᠭᠤᠢ ᠴᠢᠨᠠᠷ ᠢᠶᠠᠨ | ᠬᠠᠳᠠᠭᠠᠯᠠᠵᠤ ᠢᠷᠡᠭᠰᠡᠨ ᠪᠥᠭᠡᠳ ᠤᠳᠤ ᠴᠤ ᠭᠡᠰᠨᠨ ᠠᠮᠢᠯᠠᠯ ᠤᠨ ᠭᠥᠴᠥᠨ ᠲᠠᠢ ᠪᠠᠶᠢᠭᠰᠠᠭᠠᠷ ᠪᠠᠶᠢᠨ᠎ᠠ᠃ | ᠲᠤᠬᠠᠢᠢᠯᠠᠪᠠᠯ᠂ ︽ᠮᠤᠩᠭᠤᠯ ᠤᠨ ᠨᠢᠭᠤᠴᠠ ᠲᠤᠪᠴᠢᠶᠠᠨ︾ ᠳᠤ ︽ᠴᠢᠩᠭᠢᠰ ᠬᠠᠭᠠᠨ ᠤ ᠢᠵᠠᠭᠤᠷ ᠲᠡᠭᠡᠷ᠎ᠠ ᠲᠡᠭᠷᠢ | ᠠᠴᠠ ᠵᠠᠶᠠᠭᠠᠳᠤ ᠲᠥᠷᠥᠭᠰᠡᠨ ᠪᠥᠷᠳᠠ ᠴᠢᠨ᠋ᠸ᠎ᠠ ᠠᠵᠤᠭᠤ᠃ ᠭᠡᠷᠭᠡᠢ ᠢᠨᠥ ᠭᠤᠸ᠎ᠠ ᠮᠠᠷᠠᠯ ᠠᠵᠢ︾ ᠭᠡᠰᠡᠨ ᠲᠡᠮᠳᠡᠭᠯᠡᠯ | ᠪᠠᠶᠢᠳᠠᠭ᠃ ᠠᠳᠠ ᠲᠤᠷᠠᠳᠤᠭᠰᠠᠨ ︽ᠪᠥᠷᠳᠠ ᠴᠢᠨ᠋ᠸ᠎ᠠ︾ ᠶᠢᠨ ︽ᠪᠥᠷᠳᠠ︾ ᠭᠡᠳᠡᠭ ᠨᠢ ︽ᠭᠥᠭᠡ︾ ᠭᠡᠰᠡᠨ | ᠥᠭᠡ ᠪᠤᠯᠤᠨ᠎ᠠ ᠭᠡᠵᠥ ᠡᠷᠳᠠᠮᠳᠠᠳ ᠥᠵᠠᠳᠡᠭ᠃ ᠮᠤᠩᠭᠤᠯ ᠠᠷᠠᠳ ᠤᠨ ᠠᠮᠠᠨ ᠵᠤᠭᠢᠶᠠᠯ ᠳᠤ ᠪᠠᠭᠠᠳᠤᠷ ᠢᠳᠠᠳᠠᠨ᠂ | ᠭᠥᠯᠥᠭ ᠮᠤᠷᠢ ᠶᠢ ᠭᠥᠭᠡ ᠥᠩᠭᠡ ᠲᠠᠢ ᠬᠤᠯᠪᠤᠭᠳᠠᠭᠤᠯᠤᠨ ᠲᠥᠷᠰᠥᠯᠡᠭᠦ ᠪᠠ ᠮᠤᠩᠭᠤᠯᠴᠤᠳ ᠤᠨ ᠲᠤᠳᠤᠷ᠎ᠠ | ᠭᠥᠮᠥᠨ ᠠᠮᠢᠳᠠᠨ᠂ ᠠᠭᠤᠯᠨ ᠬᠠᠶᠢᠷᠬᠠᠨ᠂ ᠭᠤᠤᠯ ᠮᠥᠷᠠᠨ᠂ ᠤᠷᠭᠤᠮᠠᠯ ᠪᠤᠳᠠᠰ ᠵᠠᠷᠭᠡ ᠶᠢ ᠭᠥᠭᠡ ᠥᠩᠭᠡ ᠪᠠᠷ | ᠨᠠᠷᠡᠯᠡᠭᠦ ᠵᠠᠩᠰᠢᠯ ᠥᠯᠠᠮᠵᠢ ᠭᠡᠮᠵᠢᠶ᠎ᠠ ᠪᠠᠷ ᠤᠯᠠᠮᠵᠢᠯᠠᠭᠳᠠᠭᠰᠠᠭᠠᠷ ᠢᠷᠠᠵᠠᠢ᠃ ᠡᠨᠡ ᠪᠥᠭᠦᠨ ᠨᠢ ᠭᠥᠭᠡ ᠥᠩᠭᠡ ᠶᠢᠨ | ᠪᠡᠯᠭᠡᠳᠠᠯ ᠲᠥᠷᠰᠥᠯᠡᠯ ᠮᠤᠩᠭᠤᠯ ᠲᠤᠭᠤᠷᠭᠠᠳᠠᠨ ᠤ ᠲᠤᠮᠳᠠ ᠥᠨᠢ ᠡᠷᠳᠠᠨ ᠤ ᠤᠯᠠᠮᠵᠢᠯᠠᠯ ᠲᠠᠢ ᠪᠥᠭᠡᠳ ᠲᠡᠥᠭᠡᠨ | ᠭᠥᠭᠵᠢᠯ ᠤᠨ ᠶᠠᠪᠤᠴᠠ ᠳᠤ ᠠᠮᠢᠳᠤᠷᠠᠯ ᠲᠠᠮᠡᠴᠠᠯ ᠤᠨ ᠭᠢᠨᠢ ᠤᠯᠠᠨ ᠲᠠᠯ᠎ᠠ ᠳᠤ ᠬᠤᠯᠪᠤᠭᠳᠠᠨ᠂ ᠤᠯᠠᠮᠵᠢᠯᠠᠭᠳᠠᠨ | ᠢᠷᠡᠭᠰᠡᠨ ᠢ ᠪᠤᠳᠠᠳᠠᠢ ᠪᠠᠷ ᠲᠤᠰᠬᠠᠨ ᠬᠠᠷᠠᠭᠤᠯᠵᠤ ᠪᠠᠶᠢᠭ᠎ᠠ ᠶᠤᠮ᠃ | ᠭᠥᠭᠡ ᠥᠩᠭᠡ ᠪᠤᠯ ᠥᠨᠢ ᠮᠥᠩᠭᠡ᠂ ᠭᠥᠭᠵᠢᠯ ᠮᠠᠨᠳᠤᠯ ᠤᠨ ᠪᠡᠯᠭᠡᠳᠠᠯ ᠥᠩᠭᠡ ᠪᠤᠯᠤᠨ᠎ᠠ᠃ ᠮᠤᠩᠭᠤᠯ | ᠠᠷᠠᠳ ᠤᠨ ᠪᠠᠭᠠᠳᠤᠷᠯᠢᠭ ᠲᠤᠤᠯᠢ ᠳᠤ᠂ ᠭᠥᠭᠡ ᠲᠡᠭᠷᠢ᠂ ᠭᠥᠭᠡᠮᠳᠥᠭ ᠡᠭᠦᠯᠨ ᠶᠢ ᠪᠠᠶᠢᠭᠠᠯᠢᠯᠢᠭ ᠥᠩᠭᠡ ᠪᠠᠷ ᠨᠢ | ᠲᠤᠳᠤᠷᠬᠠᠢᠢᠯᠠᠬᠤ ᠶᠢᠨ ᠬᠠᠮᠳᠤ᠂ ᠠᠭᠤᠯᠨ ᠬᠠᠶᠢᠷᠬᠠᠨ᠂ ᠭᠥᠳᠥᠯ ᠲᠤᠪᠤ᠂ ᠬᠠᠩᠭᠠᠢ ᠰᠢᠯᠢ᠂ ᠭᠤᠤᠯ ᠮᠥᠷᠠᠨ ᠢ ᠴᠤ | ᠭᠥᠭᠡ ᠥᠩᠭᠡ ᠲᠠᠢ ᠪᠠᠷ ᠲᠥᠷᠰᠥᠯᠡᠭᠰᠡᠨ ᠨᠢ ᠤᠭᠳᠠᠷᠭᠤᠢ ᠶᠢᠨ ᠥᠨᠢ ᠮᠥᠩᠭᠡ ᠥᠩᠭᠡ ᠶᠢ ᠡᠷᠭᠢᠮᠯᠠᠨ ᠲᠡᠭᠡᠳᠥᠯᠠᠵᠤ | ᠂ ᠭᠥᠭᠵᠢᠯ ᠮᠠᠨᠳᠥᠯ ᠤᠨ ᠢᠶᠠᠨ ᠪᠡᠯᠭᠡᠳᠠᠯ ᠪᠤᠯᠭᠠᠭᠰᠠᠨ ᠶᠠᠪᠤᠳᠠᠯ ᠶᠤᠮ᠃ ᠤᠭᠳᠠᠷᠭᠤᠢ ᠶᠢᠨ ᠪᠠᠶᠢᠭᠠᠯᠢᠯᠢᠭ ᠥᠩᠭᠡ ᠨᠢ | ᠭᠥᠭᠡ ᠪᠠᠶᠢᠳᠠᠭ᠃ ᠮᠤᠩᠭᠤᠯᠴᠤᠳ᠂ ᠲᠠᠷᠨ ᠭᠦ ᠪᠠᠶᠢᠭᠠᠯᠢᠯᠢᠭ ᠭᠥᠭᠡ ᠥᠩᠭᠡ ᠶᠢ ᠨᠢ ᠥᠨᠢᠳᠠ ᠬᠤᠪᠢᠷᠠᠰᠢ ᠥᠭᠡᠢ | ᠮᠥᠩᠭᠡ ᠶᠢᠨ ᠥᠩᠭᠡ ᠭᠡᠵᠤ ᠤᠬᠠᠮᠰᠠᠷᠠᠨ ᠥᠢᠯᠠᠭᠠᠭᠰᠠᠨ ᠤ ᠣᠯᠠᠮ ᠠᠴᠠ ᠡᠭᠦᠷᠢᠳᠠ ᠪᠠᠳᠤ ᠤᠷᠤᠰᠢᠬᠤ ᠪᠠ | ᠭᠥᠭᠵᠢᠵᠥ ᠮᠠᠨᠳᠤᠬᠤ ᠶᠢᠨ ᠢᠶᠠᠨ ᠪᠡᠯᠭᠡᠳᠠᠯ ᠢ ᠭᠥᠭᠡ ᠥᠩᠭᠡ ᠪᠠᠷ ᠢᠯᠠᠳᠭᠡᠵᠤ ᠪᠠᠶᠢᠭᠰᠠᠨ ᠶᠤᠮ᠃ ᠡᠨᠡ ᠲᠤᠬᠠᠢ ︽ | ᠮᠤᠩᠭᠤᠯ ᠤᠨ ᠨᠢᠭᠤᠴᠠ ᠲᠤᠪᠴᠢᠶᠠᠨ︾ ᠳᠤ ᠴᠢᠩᠭᠢᠰ ᠬᠠᠭᠠᠨ ᠤᠯᠤᠰ ᠪᠠᠶᠢᠭᠤᠯᠤᠭᠰᠠᠨ ᠤ ᠪᠠᠨ ᠲᠠᠷᠠᠭ᠎ᠠ ︽ | ᠲᠤᠰᠠᠳᠠᠨᠠ ᠰᠤᠶᠤᠷᠬᠠᠯ ᠥᠭᠰᠥ︾ ᠭᠡᠮᠡᠨ ᠰᠢᠭᠢᠬᠤᠳᠤᠬᠤ ᠶᠢ ︽ᠭᠥᠷ ᠤᠯᠤᠰ ᠤᠨ ᠬᠤᠯᠠᠭᠠᠢ ᠶᠢ ᠭᠡᠰᠡᠭᠡᠵᠤ | ᠬᠤᠳᠠᠯ ᠢ ᠮᠤᠬᠤᠭᠠᠵᠤ᠂ ᠥᠭᠦᠭᠦᠯᠳᠡᠭᠦᠨ ᠶᠤᠰᠤᠳᠠᠨ ᠢ ᠥᠭᠦᠭᠦᠯ᠂ ᠠᠯᠳᠠᠭᠤᠯᠳᠠᠬᠤᠨ ᠶᠤᠰᠤᠳᠠᠨ ᠢ ᠠᠯᠳᠠᠭᠤᠯ︾ | ᠭᠡᠮᠡᠨ ᠭᠥᠷ ᠲᠡᠭᠡᠷ᠎ᠠ ᠶᠢᠨ ᠵᠠᠷᠭᠤ ᠲᠥᠰᠢᠪᠠ᠃ ᠪᠠᠰᠠ ︽ᠭᠥᠷ ᠢᠷᠭᠡᠨ ᠤ ᠬᠤᠪᠢ ᠬᠤᠪᠢᠯᠠᠭᠰᠠᠨ ᠢ᠂ ᠵᠠᠷᠭᠤ | ᠵᠠᠷᠭᠤᠯᠠᠭᠰᠠᠨ ᠢ ᠭᠥᠭᠡ ᠲᠠᠪᠳᠠᠷ ᠪᠢᠴᠢᠭ ᠪᠢᠴᠢᠵᠤ ᠲᠠᠪᠳᠡᠷᠯᠡᠵᠤ᠂ ᠤᠷᠤᠭ ᠤᠨ ᠤᠷᠤᠬᠠ ᠭᠥᠷᠳᠠᠯ᠎ᠠ | ᠰᠢᠭᠢᠬᠤᠳᠤᠬᠤ ᠶᠢᠨ ᠨᠠᠳᠤᠷ ᠡᠶᠠᠳᠤᠵᠤ ᠶᠤᠰᠤᠯᠠᠵᠤ ᠭᠥᠭᠡ ᠪᠢᠴᠢᠭ ᠴᠠᠭᠠᠨ ᠴᠠᠭᠠᠯᠰᠤᠨ ᠳᠤᠷ ᠲᠡᠪᠳᠡᠷᠯᠡᠭᠰᠡᠨ ᠢ ᠪᠤᠤ | ᠶᠡᠭᠦᠳᠭᠡᠳᠥᠭᠡᠢ ᠶᠡᠭᠦᠳᠭᠡᠭᠦᠨ ᠠᠷᠠᠨ ᠠᠯᠳᠠᠯᠳᠠᠨ ᠪᠤᠯᠳᠤᠭᠠᠢ︾ ᠭᠡᠮᠡᠨ ᠵᠠᠷᠯᠢᠭ ᠪᠤᠯᠪᠠ ᠭᠡᠵᠥ ᠲᠠᠮᠳᠡᠭᠯᠡᠵᠠᠢ᠃ | ᠢᠩᠭᠢᠵᠥ ᠤᠯᠤᠰ ᠭᠥᠷᠥᠨ ᠤ ᠶᠡᠭᠡ ᠶᠠᠪᠤᠳᠠᠯ ᠢᠶᠠᠨ ︽ᠭᠥᠭᠡ ᠲᠠᠪᠳᠠᠷ ᠪᠢᠴᠢᠵᠥ ᠲᠡᠪᠳᠡᠷᠯᠡᠵᠤ︾᠂ ᠲᠡᠥᠭᠡ | ᠲᠤᠪᠴᠢᠶᠠᠨ ᠢᠶᠠᠨ ᠤᠷᠤᠭ ᠤᠨ ᠤᠷᠤᠭ ᠭᠥᠷᠳᠠᠯ᠎ᠠ ᠥᠯᠥ ᠶᠡᠭᠦᠳᠭᠡᠨ ᠲᠠᠮᠳᠡᠭᠯᠡᠭᠦ ᠰᠤᠷᠳᠠᠯ 13 ᠳ᠋ᠤᠭᠠᠷ ᠵᠠᠭᠤᠨ ᠤ | ᠥᠶ᠎ᠠ ᠳᠤ ᠨᠢᠭᠡᠨᠳᠠ ᠲᠤᠭᠳᠠᠭᠠᠭᠳᠠᠭᠰᠠᠨ ᠪᠥᠭᠡᠳ ᠲᠠᠷᠨ ᠨᠢ ᠤᠯᠠᠮᠵᠢᠯᠠᠯ ᠪᠤᠯᠤᠨ ᠬᠠᠳᠠᠭᠠᠯᠠᠭᠳᠠᠭᠰᠠᠨ ᠤ ᠤᠯᠠᠮ | ᠠᠴᠠ ᠮᠤᠩᠭᠤᠯᠴᠤᠳ ᠤᠨ ᠰᠤᠶᠤᠯ ᠲᠡᠥᠭᠡ ᠶᠢᠨ ᠲᠤᠬᠠᠢ ︽ᠭᠥᠭᠡ ᠲᠡᠪᠳᠠᠷ︾᠂ ︽ᠭᠥᠭᠡ ᠲᠡᠥᠭᠡ︾᠂ ︽ᠭᠥᠭᠡ | ᠲᠤᠭ︾᠂ ︽ᠭᠥᠭᠡ ᠰᠤᠳᠤᠷ︾᠂ ︽ᠭᠥᠭᠡ ᠵᠤᠯᠨ︾᠂ ︽ᠭᠥᠳᠡᠯᠭᠦᠢ ᠶᠡᠭᠡ ᠭᠥᠭᠡ ᠮᠤᠩᠭᠤᠯ︾ ᠭᠡᠭᠦ ᠮᠠᠳᠤ | ᠨᠠᠷᠠᠯᠡᠭᠰᠡᠨ ᠵᠥᠢᠯᠠᠰ ᠤᠯᠠᠮᠵᠢᠯᠠᠭᠳᠠᠭᠰᠠᠭᠠᠷ ᠢᠷᠡᠭᠰᠡᠨ ᠪᠠᠶᠢᠨ᠎ᠠ᠃ ᠡᠨᠡ ᠨᠢ ᠮᠤᠩᠭᠤᠯ ᠤᠨ ᠠᠯᠳᠠᠷ ᠨᠠᠷᠠ ᠥᠨᠢ | ᠮᠥᠩᠭᠡᠳᠠ ᠠᠯᠳᠠᠷᠰᠢᠨ ᠲᠠᠭᠤᠷᠢᠰᠴᠤ᠂ ᠵᠤᠷᠢᠭᠰᠠᠨ ᠥᠢᠯᠠᠰ ᠭᠥᠭᠵᠢᠨ ᠮᠠᠨᠳᠤᠬᠤ ᠶᠢ ᠪᠡᠯᠭᠡᠳᠠᠨ ᠵᠥᠩᠨᠡᠭᠰᠡᠨ ᠤ | ᠭᠢᠨᠢ ᠢᠯᠠᠷᠭᠡᠶᠢᠯᠠᠯ ᠪᠤᠯᠬᠤ ᠶᠤᠮ᠃ | ᠭᠥᠭᠡ ᠥᠩᠭᠡ ᠪᠤᠯ ᠡᠷᠭᠢᠮ ᠲᠡᠭᠡᠳᠥ᠂ ᠰᠠᠶᠢᠨ ᠰᠠᠶᠢᠬᠠᠨ ᠤ ᠪᠡᠯᠭᠡᠳᠠᠯ ᠥᠩᠭᠡ ᠪᠤᠯᠤᠨ᠎ᠠ᠃ ᠮᠤᠩᠭᠤᠯ | ᠠᠷᠠᠳ ᠤᠨ ᠠᠮᠠᠨ ᠵᠤᠭᠢᠶᠠᠯ ᠤᠨ ᠪᠥᠳᠥᠭᠡᠯ ᠤᠳ ᠲᠤ᠂ ︽ᠭᠥᠭᠡ ᠮᠥᠩᠭᠡ ᠲᠡᠭᠷᠢ︾᠂ ︽ᠭᠥᠭᠡ ᠴᠠᠩᠭᠡᠷ | ᠤᠭᠳᠠᠷᠭᠤᠢ︾᠂ ︽ᠭᠥᠪᠭᠡᠭᠡᠷ ᠭᠥᠭᠡ ᠡᠭᠦᠯᠨ︾᠂ ︽ᠨᠤᠮᠢᠨ ᠭᠥᠭᠡ ᠲᠠᠯ᠎ᠠ︾᠂ ︽ᠭᠥᠨ ᠴᠠᠩᠭᠡᠷ ᠤᠰᠤ︾ | ᠭᠡᠭᠦ ᠮᠠᠳᠤ ᠪᠠᠷ ᠲᠥᠷᠰᠥᠯᠡᠨ ᠢᠯᠡᠷᠭᠡᠶᠢᠯᠡᠭᠰᠡᠨ ᠨᠢ ᠲᠥᠭᠡᠮᠡᠯ ᠪᠠᠶᠢᠳᠠᠭ᠃ ᠡᠨᠡ ᠨᠢ ᠲᠡᠭᠷᠢ᠂ ᠭᠠᠵᠠᠷ ᠢ ︽ᠡᠴᠢᠭᠡ | ᠲᠡᠭᠷᠢ︾᠂ ︽ᠡᠭᠡ ᠡᠳᠥᠭᠡᠨ︾ ᠭᠡᠵᠥ ᠲᠡᠭᠡᠳᠥᠯᠡᠨ ᠥᠵᠡᠵᠤ᠂ ᠡᠷᠭᠢᠮ ᠲᠡᠭᠡᠳᠥ᠂ ᠰᠠᠶᠢᠨ ᠰᠠᠶᠢᠬᠠᠨ ᠤ ᠪᠡᠯᠭᠡᠳᠠᠯ | ᠪᠤᠯᠭᠠᠵᠤ ᠪᠠᠶᠢᠭᠰᠠᠨ ᠲᠠᠢ ᠬᠤᠯᠪᠤᠭ᠎ᠠ ᠲᠠᠢ᠃ | ᠮᠤᠩᠭᠤᠯᠴᠤᠳ ᠵᠢᠯ ᠤᠨ ᠥᠩᠭᠡ ᠶᠢ ᠶᠡᠭᠡ ᠯᠨ ᠡᠷᠭᠢᠮᠯᠠᠨ ᠥᠵᠡᠵᠤ᠂ ︽ᠭᠥᠭᠡ ᠪᠤᠯᠪᠠᠰᠤ ᠮᠠᠨᠳᠤᠬᠤ᠂ | ᠴᠠᠭᠠᠨ ᠪᠤᠯᠪᠠᠰᠤ ᠡᠭᠢᠯᠡᠭᠦ︾ ᠪᠠᠷ ᠪᠡᠯᠭᠡᠰᠢᠶᠠᠨ ᠤᠬᠠᠭᠠᠷᠠᠳᠠᠭ ᠤᠨ ᠬᠠᠮᠳᠤ᠂ ᠵᠢᠯ ᠤᠨ ᠲᠥᠷᠪᠡᠨ ᠤᠯᠠᠷᠢᠯ ᠤᠨ | ᠬᠠᠪᠤᠷ ᠤᠨ ᠤᠷᠢ ᠤᠷᠤᠬᠤ ᠶᠢ ᠤᠨᠴᠠᠭᠠᠢᠢᠯᠠᠨ ᠪᠡᠯᠭᠡᠰᠢᠶᠠᠵᠤ᠂ ᠠᠭᠤᠳᠠᠮ ᠭᠡᠭᠡᠷ᠎ᠠ ᠲᠠᠯ᠎ᠠ ᠳᠤ ᠨᠤᠭᠤᠭ᠎ᠠ ᠤᠷᠭᠤᠬᠤ | ᠴᠠᠭ ᠢᠶᠠᠷ ᠵᠡᠷᠭᠡᠯᠭᠡ ᠵᠡᠷᠭᠡᠯᠭᠦ ᠪᠠᠶᠢᠭᠠᠯᠢ ᠶᠢᠨ ᠥᠩᠭᠡ ᠥᠵᠡᠮᠵᠢ ᠶᠢ ︽ᠭᠥᠭᠡ ᠨᠤᠭᠤᠭᠠᠨ ᠤ ᠤᠨᠢᠶᠠᠷ︾ ᠭᠡᠵᠥ | ᠲᠥᠷᠰᠥᠯᠡᠨ᠂ ᠡᠭᠡ ᠨᠤᠳᠤᠭ ᠲᠤ ᠪᠠᠨ ᠬᠠᠨᠳᠤᠭᠰᠠᠨ ᠡᠯᠢᠭᠡᠨ ᠬᠠᠶᠢᠷ᠎ᠠ ᠪᠠᠨ ᠢᠯᠡᠳᠭᠡᠵᠥ᠂ ᠡᠷᠭᠢᠮ ᠰᠠᠶᠢᠬᠠᠨ ᠤ | ᠪᠡᠯᠭᠡᠳᠠᠯ ᠪᠤᠯᠭᠠᠳᠠᠭ ᠪᠠᠶᠢᠨ᠎ᠠ᠃ ᠭᠥᠭᠡ ᠥᠩᠭᠡ ᠨᠢ ᠪᠤᠰᠤᠳᠴᠢ ᠤᠷᠤᠰᠢᠬᠤᠢ ᠶᠢᠨ ᠬᠤᠪᠢ ᠪᠠᠷ ᠬᠠᠷᠠᠭᠠᠨ | ᠰᠠᠷᠠᠯ ᠳᠤ ᠮᠡᠳᠡᠷᠡᠭᠳᠡᠭᠰᠡᠨ ᠤ ᠪᠠᠨ ᠲᠠᠷᠠᠭ᠎ᠠ᠂ ᠭᠥᠮᠥᠨ ᠤ ᠰᠡᠳᠭᠢᠯ ᠰᠠᠨᠠᠭ᠎ᠠ ᠶᠢ ᠠᠭᠤᠵᠢᠷᠠᠭᠤᠯᠤᠨ | ᠲᠠᠶᠢᠪᠤᠰᠢᠷᠠᠭᠤᠯᠬᠤ ᠰᠠᠳᠭᠢᠯᠭᠡ ᠲᠥᠷᠥᠭᠳᠡᠭᠦᠯᠳᠡᠭ ᠤᠴᠢᠷ ᠠᠴᠠ ᠭᠥᠭᠡ ᠥᠩᠭᠡ ᠪᠠᠷ ᠪᠠᠶᠠᠷ ᠪᠠᠶᠠᠰᠤᠯ᠂ ᠠᠭᠤᠵᠢᠭᠤ | ᠲᠠᠯᠪᠢᠭᠤᠨ ᠰᠡᠳᠭᠢᠯᠭᠡ᠂ ᠥᠨᠡᠨ ᠬᠠᠶᠢᠷ᠎ᠠ ᠶᠢᠨ ᠰᠠᠨᠠᠭ᠎ᠠ ᠪᠤᠳᠤᠯ᠂ ᠰᠢᠯᠥᠭᠤᠨ ᠰᠢᠳᠥᠷᠭᠤ ᠵᠠᠩ ᠴᠢᠨᠠᠷ ᠢ | ᠲᠥᠯᠥᠭᠡᠯᠡᠭᠦᠯᠤᠨ ᠢᠯᠡᠳᠭᠡᠭᠦ ᠪᠤᠯᠤᠭᠰᠠᠨ ᠪᠠᠶᠢᠨ᠎ᠠ᠃ ᠮᠤᠩᠭᠤᠯᠴᠤᠳ ᠭᠡᠭᠡᠷ᠎ᠠ ᠲᠠᠯ᠎ᠠ ᠳᠤ ᠤᠷᠭᠤᠭᠰᠠᠨ ᠴᠡᠴᠡᠭ | ᠨᠠᠪᠴᠢ ᠶᠢᠨ ᠲᠤᠳᠤᠷ᠎ᠠ ᠠᠴᠠ ᠢᠯᠭᠠᠮᠠ ᠲᠤᠳᠤ ᠭᠥᠭᠡ ᠥᠩᠭᠡ ᠲᠠᠢ ᠨᠢᠭᠡ ᠵᠥᠢᠯ ᠤᠨ ᠴᠡᠴᠡᠭ ᠢ ︽ᠪᠡᠷᠢ ᠴᠡᠴᠡᠭ︾ | ᠭᠡᠵᠥ ᠨᠠᠷᠡᠯᠡᠭᠡᠳ ᠡᠷᠭᠢᠮᠯᠠᠨ ᠪᠡᠯᠭᠡᠰᠢᠶᠠᠵᠤ᠂ ᠡᠯᠢᠭᠡᠨ ᠬᠠᠶᠢᠷ᠎ᠠ᠂ ᠥᠨᠡᠨᠴᠢ ᠰᠠᠳᠭᠢᠯ ᠢᠶᠠᠨ ᠢᠯᠠᠷᠭᠡᠶᠢᠯᠡᠳᠡᠭ | ᠵᠠᠩᠰᠢᠯ ᠨᠢ ᠴᠤ ᠮᠥᠨ ᠭᠦ ᠭᠥᠭᠡ ᠥᠩᠭᠡ ᠶᠢ ᠡᠷᠭᠢᠮ ᠲᠡᠭᠡᠳᠥ᠂ ᠰᠠᠶᠢᠨ ᠰᠠᠶᠢᠬᠠᠨ ᠤ ᠪᠡᠯᠭᠡᠳᠠᠯ ᠪᠤᠯᠭᠠᠭᠰᠠᠨ ᠤ | ᠪᠤᠳᠠᠳᠤ ᠢᠯᠠᠷᠠᠯ ᠮᠥᠨ᠃ | ᠭᠥᠭᠡ ᠥᠩᠭᠡ ᠪᠤᠯ ᠴᠤᠭ ᠵᠢᠪᠬᠤᠭ᠎ᠠ᠂ ᠰᠥᠷ ᠰᠥᠯᠳᠠ ᠶᠢᠨ ᠪᠡᠯᠭᠡᠳᠠᠯ ᠥᠩᠭᠡ ᠪᠤᠯᠤᠨ᠎ᠠ᠃ ᠮᠤᠩᠭᠤᠯ | ᠪᠠᠭᠠᠳᠤᠷᠯᠢᠭ ᠲᠤᠤᠯᠢᠰ ᠲᠤ᠂ ᠪᠠᠭᠠᠳᠤᠷᠴᠤᠳ ᠤᠨ ᠤᠨᠤᠭᠰᠠᠨ ᠭᠥᠯᠥᠭ᠂ ᠠᠳᠬᠤᠭᠰᠠᠨ ᠵᠠᠪᠰᠡᠭ ᠢ | ᠲᠥᠷᠰᠥᠯᠡᠭᠦ ᠳᠤ ᠪᠠᠨ ︽ᠤᠴᠤᠯ ᠭᠥᠭᠡ ᠬᠠᠯᠵᠠᠨ︾᠂ ︽ᠮᠠᠩᠬᠠᠨ ᠭᠥᠭᠡ ᠬᠠᠯᠵᠠᠨ︾᠂ ︽ᠭᠥᠭᠡ ᠭᠡᠶᠢᠪᠠᠷ | ᠰᠠᠭᠠᠳᠠᠭ︾᠂ ︽ᠭᠥᠭᠡ ᠲᠤᠷᠭᠠᠨ ᠴᠠᠯᠮ᠎ᠠ︾ ᠭᠡᠭᠦ ᠮᠠᠳᠤᠴᠢᠯᠠᠨ ᠭᠥᠭᠡ ᠥᠩᠭᠡ ᠲᠠᠢ ᠪᠠᠷ ᠲᠥᠷᠰᠥᠯᠡᠳᠡᠭ ᠨᠢ ᠨᠢᠭᠡ | ᠶᠤᠰᠤᠨ ᠳᠤ ᠪᠠᠨ ᠲᠤᠤᠯᠢ ᠶᠢᠨ ᠪᠠᠭᠠᠳᠤᠷ ᠤᠳ ᠤᠨ ᠴᠤᠭ ᠵᠢᠪᠬᠤᠭ᠎ᠠ᠂ ᠰᠥᠷ ᠰᠥᠯᠳᠠ ᠶᠢᠨ ᠭᠢᠨᠢ ᠢᠯᠠᠷᠭᠡᠶᠢᠯᠠᠯ | ᠪᠤᠯᠵᠤ ᠪᠠᠶᠢᠭ᠎ᠠ ᠶᠤᠮ᠃ ᠮᠤᠩᠭᠤᠯᠴᠤᠳ ᠬᠤᠷᠳᠤᠨ ᠭᠥᠯᠥᠭ ᠢᠶᠠᠨ ︽ᠡᠭᠦᠯᠡᠨ ᠪᠤᠷᠤ︾᠂ ︽ᠡᠭᠦᠯᠡᠨ ᠭᠥᠯᠥᠭ︾ | ᠂ ︽ᠨᠠᠷᠢᠨ ᠭᠥᠭᠡ︾ ᠭᠡᠵᠤ ᠨᠡᠷᠡᠯᠡᠳᠡᠭ ᠪᠠ ᠠᠷᠠᠳ ᠤᠨ ᠲᠠᠭᠤᠤ ᠳᠤ ︽ᠡᠭᠦᠯᠡᠨ ᠭᠥᠭᠡ︾ ᠪᠠᠷ ᠠᠯᠳᠠᠷᠰᠢᠭᠤᠯᠤᠨ | ᠮᠠᠭᠳᠠᠭᠰᠠᠨ ᠮᠤᠷᠢᠨ ᠤ ᠲᠤᠬᠠᠢ ᠭᠤᠶᠢᠳᠠ ᠰᠠᠶᠢᠬᠠᠨ ᠲᠠᠭᠤᠤ ᠲᠤᠩ ᠤᠯᠠᠨ ᠪᠠᠶᠢᠳᠠᠭ ᠨᠢ ᠭᠥᠴᠥᠳᠤ ᠰᠠᠯᠭᠢᠨ᠎ᠠ | ᠨᠡᠭᠦᠭᠦ ᠡᠭᠦᠯᠡᠨ ᠮᠠᠳᠤ ᠬᠤᠷᠳᠤᠨ ᠭᠥᠯᠥᠭ᠂ ᠡᠭᠦᠯᠡᠨ ᠭᠥᠯᠥᠭᠳᠤ ᠥᠷᠯᠥᠭ ᠪᠠᠭᠠᠳᠤᠷ ᠤᠨ ᠲᠥᠷᠢ ᠶᠢ ᠥᠪᠠᠷ ᠤᠨ | ᠡᠷᠭᠡ ᠥᠭᠡᠢ ᠪᠠᠷ ᠰᠠᠳᠭᠢᠯ ᠤᠨ ᠬᠠᠷᠠᠭᠠᠨ ᠳᠤ ᠲᠤᠳᠤᠷᠠᠭᠤᠯᠬᠤ ᠶᠤᠮ᠃ ᠡᠨᠡ ᠤᠳᠬ᠎ᠠ ᠠᠴᠠ ᠠᠪᠴᠤ ᠭᠡᠯᠡᠪᠠᠯ᠂ | ᠪᠠᠭᠠᠳᠤᠷ ᠢᠳᠠᠳᠠᠨ ᠤ ᠭᠥᠯᠥᠭ ᠮᠤᠷᠢ᠂ ᠵᠠᠷ ᠵᠠᠪᠰᠡᠭ ᠢ ᠲᠡᠭᠷᠢ ᠲᠠᠢ ᠵᠤᠭᠢᠴᠠᠭᠤᠯᠵᠤ᠂ ᠡᠭᠦᠯᠡᠨ ᠤ ᠬᠤᠷᠳᠤᠨ ᠲᠠᠢ | ᠠᠳᠠᠯᠢᠳᠬᠠᠨ ᠲᠥᠷᠰᠥᠯᠡᠭᠰᠡᠨ ᠵᠢᠷᠤᠭᠯᠠᠯ ᠨᠢ ᠮᠤᠩᠭᠤᠯᠴᠤᠳ ᠤᠨ ᠭᠥᠭᠡ ᠥᠩᠭᠡ ᠶᠢ ᠡᠷᠭᠢᠮᠯᠡᠨ ᠲᠡᠭᠡᠳᠥᠯᠡᠭᠰᠡᠨ | ᠥᠵᠠᠯ ᠰᠠᠳᠭᠢᠯᠭᠡ ᠶᠢᠨ ᠭᠢᠨᠢ ᠥᠪᠠᠷᠮᠢᠴᠠ ᠤᠨᠴᠠᠯᠢᠭ᠂ ᠪᠤᠳᠠᠳᠤ ᠢᠯᠠᠷᠠᠯ ᠭᠡᠵᠥ ᠭᠡᠯᠠᠵᠤ ᠪᠤᠯᠤᠨ᠎ᠠ᠃ | ᠭᠥᠭᠡ ᠥᠩᠭᠡ ᠶᠢᠨ ᠪᠡᠯᠭᠡᠳᠠᠯ ᠲᠥᠷᠰᠥᠯᠡᠯ ᠨᠢ ᠪᠠᠶᠢᠭᠠᠯᠢ ᠶᠢᠨ ᠥᠩᠭᠡ ᠥᠵᠠᠮᠵᠢ ᠶᠢᠨ ᠵᠢᠷᠤᠭᠯᠠᠯ᠂ ᠠᠭᠤᠯᠨ | ᠤᠰᠤᠨ ᠤ ᠨᠠᠷᠠ᠂ ᠭᠥᠮᠥᠨ ᠠᠮᠢᠳᠠᠨ᠂ ᠭᠥᠯᠥᠭ ᠮᠤᠷᠢᠳ ᠤᠨ ᠨᠠᠷᠠᠶᠢᠳᠤᠯ᠂ ᠵᠠᠷ ᠵᠠᠪᠰᠡᠭ᠂ ᠤᠷᠭᠤᠮᠠᠯ ᠪᠤᠳᠠᠰ ᠤᠨ | ᠲᠥᠷᠰᠥᠯᠡᠯ ᠵᠠᠷᠭᠡ ᠳᠤ ᠪᠤᠳᠠᠳᠠᠢ ᠭᠡᠷᠡᠭᠯᠡᠭᠳᠡᠭᠰᠡᠨ ᠪᠠ ᠥᠨᠢ ᠮᠥᠩᠭᠡ᠂ ᠭᠥᠭᠵᠢᠯ ᠮᠠᠨᠳᠤᠯ ᠤᠨ ᠪᠡᠯᠭᠡᠳᠠᠯ︔ ᠡᠷᠭᠢᠮ | ᠲᠡᠭᠡᠳᠤ᠂ ᠰᠠᠶᠢᠨ ᠰᠠᠶᠢᠬᠠᠨ ᠤ ᠪᠡᠯᠭᠡᠳᠠᠯ︔ ᠴᠤᠭ ᠵᠢᠪᠬᠤᠭ᠎ᠠ ᠰᠥᠷ ᠰᠥᠯᠳᠠ ᠶᠢᠨ ᠪᠡᠯᠭᠡᠳᠠᠯ ᠤᠳᠬ᠎ᠠ ᠶᠢ | ᠢᠯᠠᠳᠭᠡᠵᠤ᠂ ᠮᠤᠩᠭᠤᠯᠴᠤᠳ ᠤᠨ ᠥᠩᠭᠡ ᠶᠢᠨ ᠪᠡᠯᠭᠡᠳᠠᠯ ᠰᠢᠰᠲ᠋ᠧᠮ ᠳᠤ ᠥᠪᠠᠷᠮᠢᠴᠠ ᠤᠨᠴᠠᠭᠠᠢ ᠪᠠᠶᠢᠷᠢ ᠶᠢ | ᠡᠵᠡᠯᠡᠭᠰᠡᠭᠡᠷ ᠢᠷᠡᠭᠰᠡᠨ ᠪᠥᠭᠡᠳ ᠲᠠᠷᠨ ᠨᠢ ᠮᠤᠩᠭᠤᠯᠴᠤᠳ ᠤᠨ ᠡᠷᠳᠠᠨ ᠤ ᠥᠶ᠎ᠠ ᠶᠢᠨ ᠲᠡᠭᠷᠢ ᠶᠢᠨ ᠰᠢᠳᠥᠯᠭᠡ ᠶᠢᠨ | ᠥᠵᠠᠯ ᠥᠢᠯᠠᠭᠠᠯᠳᠠ ᠠᠴᠠ ᠡᠭᠢ ᠰᠤᠷᠪᠤᠯᠵᠢ ᠲᠠᠢ ᠭᠡᠵᠥ ᠭᠡᠯᠡᠵᠤ ᠪᠤᠯᠤᠨ᠎ᠠ᠃ ᠲᠡᠭᠷᠢ ᠪᠤᠯ ᠮᠤᠩᠭᠤᠯᠴᠤᠳ ᠤᠨ | ᠪᠠᠶᠢᠭᠠᠯᠢ ᠶᠢᠨ ᠰᠢᠳᠥᠯᠭᠡ ᠳᠠᠬᠢ ᠭᠤᠤᠯ ᠰᠢᠳᠥᠭᠡᠨ ᠤ ᠨᠢᠭᠡ ᠪᠤᠯᠤᠨ᠎ᠠ᠃ ᠮᠤᠩᠭᠤᠯᠴᠤᠳ ᠲᠡᠭᠷᠢ ᠶᠢ ᠪᠠᠶᠢᠭᠠᠯᠢ | ᠶᠢᠷᠳᠢᠨᠴᠤ ᠶᠢᠨ ᠠᠯᠢᠪᠠ ᠭᠥᠴᠤᠨ ᠤ ᠬᠠᠮᠤᠭ ᠤᠨ ᠲᠡᠭᠡᠳᠥ ᠲᠥᠯᠥᠭᠡᠯᠡᠭᠴᠢ ᠪᠤᠯᠭᠠᠨ ᠡᠯ᠎ᠠ ᠰᠠᠭᠢᠭᠤᠯᠰᠤᠨ ᠤ | ᠲᠡᠷᠢᠭᠦᠨ ᠳᠤ ᠲᠠᠯᠪᠢᠵᠤ᠂ ᠠᠪᠤᠷᠭᠤ ᠶᠡᠭᠡ ᠭᠥᠴᠤᠨ ᠢ ᠤᠯᠭᠤᠭᠴᠢ ᠪᠠᠷ ᠥᠵᠠᠵᠤ ᠪᠠᠶᠢᠪᠠ᠃ ᠢᠢᠮᠤ ᠠᠴᠠ ᠡᠯ᠎ᠠ | ᠵᠤᠷᠢᠭ ᠰᠠᠨᠠᠭᠠᠨ ᠤ ᠭᠥᠴᠤ ᠶᠢ ᠲᠥᠯᠥᠭᠡᠯᠡᠵᠤ ᠪᠠᠶᠢᠭ᠎ᠠ ᠶᠠᠮᠠᠷᠪᠠ ᠰᠠᠭᠢᠭᠤᠯᠰᠤᠨ ᠢ ᠵᠠᠪᠠᠯ ᠲᠡᠭᠦᠨ ᠢ ᠲᠠᠭᠠᠬᠤ | ᠶᠤᠰᠤᠳᠠᠢ ᠭᠡᠵᠥ ᠥᠵᠡᠳᠡᠭ᠃ ᠮᠤᠩᠭᠤᠯ ᠭᠥᠮᠥᠨ ᠳᠤ ᠠᠪᠴᠤ ᠭᠡᠯᠠᠪᠠᠯ᠂ ᠲᠡᠭᠷᠢ ᠪᠤᠯ ᠬᠠᠮᠤᠭ ᠤᠨ ᠲᠡᠭᠡᠳᠥ | ᠰᠠᠭᠢᠭᠤᠯᠰᠤᠨ᠂ ᠠᠮᠢ ᠨᠠᠰᠤᠨ ᠤ ᠡᠭᠢ ᠰᠤᠷᠪᠤᠯᠵᠢ ᠪᠤᠯᠤᠨ᠎ᠠ᠃ ᠲᠡᠭᠷᠢ ᠶᠢ ᠡᠨᠡ ᠮᠠᠳᠤ ᠲᠡᠭᠡᠳᠥᠯᠡᠨ ᠥᠵᠡᠳᠡᠭ ᠤᠨ | ᠤᠴᠢᠷ ︽ᠮᠤᠩᠭᠤᠯ ᠤᠨ ᠨᠢᠭᠤᠴᠠ ᠲᠤᠪᠴᠢᠶᠠᠨ︾ ᠳᠤ᠂ ᠮᠤᠩᠭᠤᠯ ᠤᠭᠰᠠᠭᠠᠳᠠᠨ ᠤ ᠭᠠᠷᠤᠯ ᠡᠭᠦᠰᠥᠯ ᠢ ︽ | ᠴᠢᠩᠭᠢᠰ ᠬᠠᠭᠠᠨ ᠤ ᠢᠵᠠᠭᠤᠷ ᠲᠡᠭᠡᠳᠥ ᠲᠡᠭᠷᠢ ᠠᠴᠠ ᠵᠠᠶᠠᠭᠠᠳᠤ ᠲᠥᠷᠥᠭᠰᠡᠨ ᠪᠥᠷᠳᠠ ᠴᠢᠨ᠋ᠸ᠎ᠠ︾ ᠭᠡᠳᠡᠭ ᠪᠠ ᠲᠡᠭᠷᠢ | ᠭᠠᠵᠠᠷ ᠡᠶᠠᠳᠤᠯᠳᠤᠵᠤ ᠴᠢᠩᠭᠢᠰ ᠢ ᠬᠠᠭᠠᠨ ᠪᠤᠯᠭᠠᠭᠰᠠᠨ ᠢᠶᠠᠷ ᠥᠭᠦᠯᠡᠳᠡᠭ᠃ ᠮᠥᠨ ᠮᠤᠩᠭᠤᠯ ᠰᠤᠷᠪᠤᠯᠵᠢ | ᠪᠢᠴᠢᠭ ᠤᠳ ᠲᠤ᠂ ︽ᠮᠥᠩᠭᠡ ᠲᠡᠭᠷᠢ ᠶᠢᠨ ᠭᠥᠴᠤᠨ ᠳᠤᠷ︾᠂ ︽ᠮᠥᠩᠭᠡ ᠲᠡᠭᠷᠢ ᠶᠢᠨ ᠢᠪᠡᠭᠡᠯ ᠢᠶᠠᠷ︾᠂ ︽ | ᠲᠡᠭᠷᠢ ᠳ᠋ᠠ ᠢᠪᠡᠭᠡᠭᠳᠡᠵᠤ︾ ᠭᠡᠭᠦ ᠮᠠᠳᠤ ᠪᠠᠷ ᠲᠡᠮᠳᠡᠭᠯᠡᠵᠠᠢ᠃ ᠡᠨᠡ ᠨᠢ ᠮᠤᠩᠭᠤᠯᠴᠤᠳ ᠲᠡᠭᠷᠢ ᠶᠢᠨ ᠭᠥᠴᠥᠨ ᠢ | ᠪᠠᠶᠢᠭᠠᠯᠢ ᠠᠴᠠ ᠲᠠᠪᠠᠭᠰᠠᠨ ᠭᠡᠳᠥ ᠭᠥᠴᠤᠨ ᠢᠶᠠᠷ ᠤᠬᠠᠭᠠᠷᠠᠨ ᠥᠢᠯᠠᠭᠠᠵᠤ᠂ ᠢᠳᠡᠭᠡᠨ ᠪᠢᠰᠢᠷᠠᠭᠡᠳ ᠲᠡᠭᠷᠢ ᠶᠢ | ᠲᠡᠭᠡᠳᠥᠯᠡᠨ ᠥᠵᠡᠵᠤ ᠪᠠᠶᠢᠭᠰᠠᠨ ᠢ ᠲᠤᠰᠬᠠᠨ ᠬᠠᠷᠠᠭᠤᠯᠵᠤ ᠪᠠᠶᠢᠭ᠎ᠠ ᠭᠡᠷᠡᠭ ᠶᠤᠮ᠃ ᠢᠩᠭᠢᠵᠤ ᠲᠡᠭᠷᠢ ᠶᠢᠨ | ᠭᠥᠴᠤ ᠶᠢ ᠷᠢᠳᠢ ᠰᠢᠳᠢᠴᠢᠯᠠᠨ᠂ ᠰᠥᠰᠥᠭᠯᠡᠨ ᠪᠢᠰᠢᠷᠡᠭᠰᠡᠨ ᠤ ᠪᠠᠨ ᠬᠠᠮᠳᠤᠳᠠ ᠲᠡᠭᠦᠨ ᠤ ᠪᠤᠰᠤᠳᠴᠢ ᠪᠠᠷ | ᠤᠷᠤᠰᠢᠬᠤ ᠭᠥᠭᠡ ᠥᠩᠭᠡ ᠶᠢ ᠴᠤ ᠲᠡᠭᠡᠳᠤᠯᠡᠨ ᠥᠵᠡᠭᠦ ᠥᠢᠯᠠᠭᠠᠯᠳᠠ ᠲᠠᠨᠢᠪᠤᠷᠢ ᠰᠤᠶᠤᠭᠠᠯᠠᠨ᠂ | ᠮᠤᠩᠭᠤᠯᠴᠤᠳ ᠤᠨ ᠥᠩᠭᠡ ᠶᠢᠨ ᠪᠡᠯᠭᠡᠳᠠᠯ ᠰᠢᠰᠲ᠋ᠧᠮ ᠳᠤ ᠭᠥᠭᠡ ᠥᠩᠭᠡ ᠶᠢ ᠡᠷᠭᠢᠮᠯᠠᠨ ᠲᠡᠭᠡᠳᠥᠯᠡᠭᠦ ᠥᠵᠠᠯᠳᠠ | ᠪᠥᠷᠢᠯᠳᠥᠨ ᠲᠤᠭᠳᠠᠪᠤᠷᠢᠵᠢᠭᠰᠠᠨ ᠪᠠᠶᠢᠳᠠᠭ᠃ ᠮᠤᠩᠭᠤᠯ ᠠᠷᠠᠳ ᠤᠨ ᠠᠮᠠᠨ ᠵᠤᠭᠢᠶᠠᠯ ᠪᠠ ᠵᠠᠩ | ᠥᠢᠯᠨ ᠶᠢᠨ ᠭᠥᠷᠢᠶᠠᠨ ᠳᠤ᠂ ᠵᠢᠴᠢ ᠮᠤᠩᠭᠤᠯ ᠲᠡᠥᠭᠡ ᠰᠤᠷᠪᠤᠯᠵᠢ ᠶᠢᠨ ᠪᠢᠴᠢᠭ ᠲᠤᠷᠠᠰᠬᠠᠯ ᠤᠳ ᠲᠤ ᠴᠤ ︽ | ᠲᠡᠭᠡᠳᠤ ᠲᠡᠭᠷᠢ︾᠂ ︽ᠡᠴᠢᠭᠡ ᠲᠡᠭᠷᠢ︾᠂ ︽ᠬᠠᠨ ᠲᠡᠭᠷᠢ︾᠂ ︽ᠡᠷᠭᠡᠳᠥ ᠲᠡᠭᠷᠢ︾ ᠭᠡᠭᠦ ᠮᠠᠳᠤᠴᠢᠯᠠᠨ | ᠲᠡᠭᠷᠢ ᠶᠢ ᠷᠢᠳᠢ ᠰᠢᠳᠢᠴᠢᠯᠠᠨ ᠥᠵᠡᠵᠤ᠂ ᠲᠡᠭᠷᠢ ᠶᠢᠨ ᠭᠥᠴᠥᠨ ᠢ ᠪᠢᠰᠢᠷᠠᠨ ᠥᠵᠡᠳᠡᠭ ᠤᠨ ᠬᠠᠮᠳᠤ᠂ ︽ᠭᠥᠭᠡ | ᠲᠡᠭᠷᠢ︾᠂ ︽ᠭᠥᠭᠡ ᠮᠥᠩᠭᠡ ᠲᠡᠭᠷᠢ︾ ᠭᠡᠭᠦ ᠮᠠᠳᠤᠴᠢᠯᠠᠨ ᠲᠡᠭᠷᠢ ᠶᠢ ᠭᠥᠭᠡ ᠥᠩᠭᠡ ᠪᠠᠷ ᠲᠤᠳᠤᠳᠬᠠᠨ ᠨᠠᠷᠠᠯᠡᠳᠡᠭ | ᠶᠤᠮ᠃ ᠡᠷᠳᠠᠨ ᠤ ᠮᠤᠩᠭᠤᠯᠴᠤᠳ ᠤᠨ ᠭᠥᠭᠡ ᠥᠩᠭᠡ ᠶᠢ ᠡᠷᠭᠢᠮᠯᠡᠭᠦ ᠥᠵᠠᠯ ᠤᠬᠠᠮᠰᠠᠷ ᠨᠢ ᠲᠠᠳᠠᠨ ᠤ ᠪᠠᠯᠠᠷ | ᠡᠷᠳᠠᠨ ᠤ ᠥᠶ᠎ᠠ ᠳᠠᠬᠢ ᠪᠠᠶᠢᠭᠠᠯᠢ ᠶᠢᠨ ᠭᠤᠸ᠎ᠠ ᠰᠠᠶᠢᠬᠠᠨ ᠤ ᠥᠵᠠᠯ ᠤᠬᠠᠮᠰᠠᠷ ᠤᠨ ᠪᠤᠳᠠᠳᠤ ᠨᠢᠭᠡᠨ ᠢᠯᠠᠷᠡᠯ ᠶᠤᠮ᠃ | ᠡᠨᠡ ᠨᠢ ᠶᠡᠭᠡ ᠪᠠᠶᠢᠭᠠᠯᠢ ᠶᠢᠨ ᠨᠢᠭᠡ ᠭᠡᠰᠡᠭ ᠪᠤᠯᠤᠭᠰᠠᠨ ︽ᠭᠥᠭᠡ ᠲᠡᠭᠷᠢ︾ ᠶᠢ ᠪᠢᠰᠢᠷᠠᠭᠦ ᠭᠤᠸ᠎ᠠ ᠲᠠᠭᠠᠰᠢᠶᠠᠯ | ᠠᠴᠠ ᠡᠭᠦᠰᠴᠤ᠂ ᠪᠤᠳᠠᠳᠤ ᠠᠬᠤᠢ ᠠᠴᠠ ᠰᠠᠷᠠᠯᠳᠠ ᠠᠪᠤᠭᠠᠳ ︽ᠭᠥᠭᠡ ᠲᠡᠭᠷᠢ︾ ᠶᠢᠨ ᠲᠤᠬᠠᠢ ᠭᠤᠸ᠎ᠠ ᠰᠠᠶᠢᠬᠠᠨ ᠤ | ᠥᠵᠠᠯᠳᠠ ᠶᠢ ᠪᠤᠢ ᠪᠤᠯᠭᠠᠭᠰᠠᠨ ᠪᠠᠶᠢᠨ᠎ᠠ᠃ ᠡᠷᠳᠠᠨ ᠤ ᠮᠤᠩᠭᠤᠯᠴᠤᠳ ᠥᠪᠡᠷ ᠢ ᠪᠠᠨ ︽ᠭᠥᠭᠡ ᠮᠤᠩᠭᠤᠯ︾ ᠭᠡᠵᠤ | ᠨᠡᠷᠡᠯᠡᠭᠰᠡᠨ ᠰᠠᠨᠠᠭ᠎ᠠ ᠪᠤᠯ ︽ᠭᠥᠭᠡ ᠤᠭᠳᠠᠷᠭᠤᠢ︾᠂ ︽ᠭᠥᠭᠡ ᠲᠡᠭᠷᠢ︾ ᠨᠢ ᠮᠥᠩᠭᠡ ᠤᠷᠤᠰᠢᠬᠤ ᠪᠥᠭᠡᠳ | ᠭᠢᠵᠠᠭᠠᠷ ᠥᠭᠡᠢ ᠭᠡᠰᠡᠨ ᠬᠤᠶᠠᠷ ᠤᠬᠠᠭᠳᠠᠬᠤᠨ ᠢ ᠠᠬᠤᠭᠤᠯᠤᠭᠰᠠᠨ ᠪᠠᠶᠢᠭᠠᠯᠢ ᠶᠢᠨ ᠭᠤᠸ᠎ᠠ ᠰᠠᠶᠢᠬᠠᠨ ᠤ ᠤᠬᠠᠮᠰᠠᠷ | ᠠᠴᠠ ᠰᠤᠷᠪᠤᠯᠵᠢ ᠲᠠᠢ᠃ ᠡᠨᠡ ᠭᠦ ᠤᠯᠠᠮᠵᠢᠯᠠᠯᠳᠤ ᠪᠠᠶᠢᠭᠠᠯᠢ ᠶᠢᠨ ᠰᠢᠳᠥᠯᠭᠡ᠂ ᠭᠤᠸ᠎ᠠ ᠰᠠᠶᠢᠬᠠᠨ ᠤ ᠥᠵᠡᠯᠳᠠ ᠨᠢ | ᠤᠯᠠᠮ ᠢᠶᠠᠷ ᠮᠤᠩᠭᠤᠯᠴᠤᠳ ᠤᠨ ᠰᠤᠶᠤᠯ ᠤᠨ ᠠᠮᠢᠳᠤᠷᠠᠯ ᠤᠨ ᠥᠷᠭᠡᠨ ᠭᠡᠪᠴᠢᠶᠠᠨ ᠳᠤ ᠨᠠᠪᠳᠠᠷᠠᠨ᠂ ᠭᠥᠭᠡ | ᠥᠩᠭᠡ ᠪᠠᠷ ᠤᠭᠰᠠᠭ᠎ᠠ ᠭᠠᠷᠤᠯ ᠤᠨ ᠢᠯᠭᠠᠯ ᠢ ᠲᠤᠳᠤᠷᠬᠠᠢᠢᠯᠠᠬᠤ ᠳᠤ ᠴᠤ ᠪᠤᠳᠠᠳᠤ ᠲᠤᠰᠬᠠᠯ ᠢᠶᠠᠨ ᠤᠯᠵᠤ ᠪᠠᠶᠢᠵᠠᠢ | ᠃ ᠲᠤᠬᠠᠢᠢᠯᠠᠪᠠᠯ᠂ 13 ᠳ᠋ᠤᠭᠠᠷ ᠵᠠᠭᠤᠨ ᠤ ᠮᠤᠩᠭᠤᠯᠴᠤᠳ ᠥᠪᠠᠷᠰᠡᠳ ᠢ ᠪᠠᠨ ᠭᠥᠭᠡ ᠲᠡᠭᠷᠢ ᠳᠤ ᠰᠢᠳᠥᠯᠭᠡ ᠲᠠᠢ᠂ | ᠤᠯᠠᠭᠠᠨ ᠵᠠᠯᠠᠭ᠎ᠠ ᠲᠠᠢ᠂ ᠴᠠᠭᠠᠨ ᠰᠠᠳᠭᠢᠯ ᠲᠠᠢ ᠮᠤᠩᠭᠤᠯ ᠭᠥᠮᠥᠨ ᠭᠡᠳᠡᠭ ᠪᠠᠶᠢᠭᠰᠠᠨ ᠨᠢ ᠮᠠᠰᠢ ᠡᠷᠳᠠᠨ ᠤ ᠤᠭ | ᠰᠤᠷᠪᠤᠯᠵᠢ ᠪᠥᠭᠦᠢ ᠤᠳᠬ᠎ᠠ ᠤᠴᠢᠷ ᠲᠠᠢ ᠪᠥᠭᠡᠳ ︽ᠴᠠᠭᠠᠨ ᠲᠡᠥᠭᠡ︾᠂ ︽ᠠᠯᠳᠠᠨ ᠲᠤᠪᠴᠢ︾᠂ ︽ᠰᠢᠷ᠎ᠠ | ᠲᠤᠭᠤᠵᠢ︾ ᠵᠠᠷᠭᠡ ᠮᠤᠩᠭᠤᠯ ᠲᠡᠥᠭᠡ ᠶᠢᠨ ᠰᠤᠷᠪᠤᠯᠵᠢ ᠪᠢᠴᠢᠭ ᠤᠳ ᠲᠤ ᠠᠳᠠᠯᠢ ᠪᠤᠰᠤ ᠤᠭᠰᠠᠭ᠎ᠠ | ᠥᠨᠳᠥᠰᠤᠳᠠᠨ ᠢ ᠭᠥᠭᠡ ᠮᠤᠩᠭᠤᠯ᠂ ᠤᠯᠠᠭᠠᠨ ᠭᠢᠳᠠᠳ᠂ ᠴᠠᠭᠠᠨ ᠰᠤᠯᠤᠩᠭᠤᠰ᠂ ᠬᠠᠷ᠎ᠠ ᠲᠥᠪᠡᠳ᠂ ᠰᠢᠷ᠎ᠠ | ᠰᠠᠷᠳᠠᠭᠤᠯ ᠭᠡᠵᠥ ᠲᠠᠪᠤᠨ ᠥᠩᠭᠡ ᠪᠠᠷ ᠢᠯᠭᠠᠨ ᠨᠠᠷᠡᠯᠡᠭᠰᠡᠨ ᠪᠠᠶᠢᠳᠠᠭ᠃ | ᠡᠳᠡᠭᠡᠷ ᠪᠥᠭᠦ ᠪᠠᠶᠢᠳᠠᠯ ᠠᠴᠠ ᠥᠵᠡᠭᠦ ᠳᠤ᠂ ᠭᠥᠭᠡ ᠥᠩᠭᠡ ᠶᠢᠨ ᠪᠡᠯᠭᠡᠳᠠᠯ ᠨᠢ ᠲᠡᠭᠷᠢ ᠶᠢᠨ ᠰᠢᠳᠥᠯᠭᠡ ᠶᠢᠨ | ᠥᠵᠠᠯ ᠥᠢᠯᠠᠭᠠᠯᠳᠠ ᠠᠴᠠ ᠡᠭᠢ ᠰᠤᠷᠪᠤᠯᠵᠢ ᠲᠠᠢ ᠪᠠᠷ ᠡᠭᠦᠰᠥᠨ ᠪᠤᠢ ᠪᠤᠯᠤᠭᠠᠳ᠂ ᠮᠤᠩᠭᠤᠯᠴᠤᠳ ᠤᠨ ᠡᠳᠥᠷ | ᠲᠤᠳᠤᠮ ᠤᠨ ᠠᠵᠤ ᠠᠮᠢᠳᠤᠷᠠᠯ᠂ ᠥᠢᠯᠠᠳᠪᠥᠷᠢᠯᠠᠯ ᠭᠥᠳᠠᠯᠮᠤᠷᠢ ᠶᠢᠨ ᠥᠢᠯᠠᠳᠤᠯᠭᠡ ᠲᠠᠢ ᠨᠢᠬᠳᠠ ᠤᠶᠠᠯᠳᠤᠨ᠂ | ᠲᠠᠳᠠᠨ ᠤ ᠤᠯᠠᠮᠵᠢᠯᠠᠯᠳᠤ ᠪᠠᠶᠢᠭᠠᠯᠢ ᠶᠢᠨ ᠰᠢᠳᠥᠯᠭᠡ᠂ ᠭᠤᠸ᠎ᠠ ᠰᠠᠶᠢᠬᠠᠨ ᠤ ᠥᠵᠠᠯᠳᠠ᠂ ᠭᠥᠨ ᠤᠬᠠᠭᠠᠨ᠂ ᠵᠠᠩ | ᠥᠢᠯᠨ᠂ ᠤᠭᠰᠠᠭᠠᠳᠠᠨ ᠵᠥᠢ ᠵᠠᠷᠭᠡ ᠤᠯᠠᠨ ᠲᠠᠯ᠎ᠠ ᠳᠤ ᠨᠠᠪᠳᠠᠷᠨᠨ ᠪᠤᠳᠠᠳᠠᠢ ᠲᠤᠰᠬᠠᠯ ᠢᠶᠠᠨ ᠤᠯᠬᠤ ᠳᠤ ᠪᠠᠨ | ᠮᠤᠩᠭᠤᠯ ᠵᠠᠩ ᠥᠢᠯᠨ ᠶᠢᠨ ᠭᠥᠷᠢᠶᠠᠨ ᠳᠠᠬᠢ ᠥᠩᠭᠡ ᠶᠢᠨ ᠪᠡᠯᠭᠡᠳᠠᠯ ᠤᠨ ᠰᠢᠰᠲ᠋ᠧᠮ ᠳᠤ ᠥᠪᠠᠷᠮᠢᠴᠠ | ᠤᠨᠴᠠᠯᠢᠭ ᠢᠶᠠᠨ ᠪᠥᠷᠢᠯᠳᠥᠭᠦᠯᠥᠭᠰᠡᠨ ᠪᠠᠶᠢᠨ᠎ᠠ᠃ |