ᠠᠳᠤᠭᠤ ᠮᠠᠯ ᠤᠨ ᠲᠥᠷᠰᠤ ᠶᠢᠨ ᠪᠡᠯᠭᠡᠳᠠᠯ
ᠨᠡᠶᠢᠲᠡᠯᠡᠭᠰᠡᠨ ᠴᠠᠭ᠄
2019/1/24
      ᠮᠤᠩᠭᠤᠯᠴᠤᠳ ᠲᠠᠪᠤᠨ ᠬᠤᠰᠢᠭᠤ ᠮᠠᠯ ᠢ ᠭᠠᠷᠰᠢᠭᠤᠯᠤᠨ ᠲᠠᠵᠢᠭᠡᠵᠥ᠂ ᠠᠵᠤ ᠠᠮᠢᠳᠤᠷᠠᠯ ᠤᠨ ᠢᠶᠠᠨ ᠭᠡᠷᠡᠭᠴᠡᠭᠡ ᠶᠢ ᠬᠠᠨᠭ᠍ᠭᠠᠭᠰᠠᠨ ᠤᠷᠳᠤ ᠤᠳᠠᠭᠠᠨ ᠲᠠᠥᠭᠡᠨ ᠶᠠᠪᠤᠴᠠ ᠳᠤ ᠪᠠᠨ ᠮᠠᠯ ᠤᠨ ᠠᠰᠢᠭ ᠰᠢᠮ᠎ᠠ ᠶᠢ ᠭᠥᠷᠳᠡᠭᠦ ᠶᠢᠨ ᠢᠶᠠᠨ ᠲᠠᠭᠠᠤ᠂ ᠮᠠᠯ ᠰᠥᠷᠥᠭ ᠲᠤ ᠬᠠᠨᠳᠤᠬᠤ ᠬᠠᠶᠢᠷ᠎ᠠ ᠡᠨᠠᠷᠢᠯ ᠤᠨ ᠰᠠᠳᠭᠢᠯᠭᠡ ᠲᠠᠢ ᠪᠥᠭᠡᠳ ᠠᠳᠤᠭᠤ ᠮᠠᠯ ᠢ ᠲᠡᠭᠡᠳᠤᠯᠡᠨ ᠭᠥᠨᠳᠤᠳᠭᠡᠭᠦ ᠤᠯᠠᠮᠵᠢᠯᠠᠯ ᠲᠠᠢ ᠶᠤᠮ᠃ ᠡᠨᠡ ᠭᠦ ᠥᠵᠠᠯ ᠰᠠᠳᠭᠢᠯᠭᠡ ᠨᠢ ᠪᠡᠯᠭᠡᠳᠠᠯ ᠵᠥᠡᠭᠨᠡᠯ ᠤᠨ ᠵᠠᠩ ᠥᠢᠯᠨ ᠶᠢᠨ ᠤᠯᠠᠮᠵᠢᠯᠠᠯ ᠳᠤ ᠠᠳᠤᠭᠤ ᠮᠠᠯ ᠤᠨ ᠲᠥᠷᠰᠤ ᠪᠠᠷ ᠶᠠᠩᠵᠤ ᠪᠥᠷᠢ ᠶᠢᠨ ᠪᠡᠯᠭᠡᠳᠠᠯ ᠤᠳᠬ᠎ᠠ ᠶᠢ ᠢᠯᠠᠳᠭᠡᠭᠦ ᠳᠤ ᠪᠤᠳᠠᠳᠤ ᠢᠯᠠᠷᠠᠯ ᠢᠶᠠᠨ ᠤᠯᠵᠠᠢ᠃        ᠮᠤᠩᠭᠤᠯᠴᠤᠳ ᠲᠠᠪᠤᠨ ᠬᠤᠰᠢᠭᠤ ᠮᠠᠯ ᠤᠨ ᠲᠤᠳᠤᠷ᠎ᠠ ᠠᠴᠠ ᠠᠳᠤᠭᠤ ᠶᠢ ᠨᠠᠩ ᠢᠯᠠᠭᠦᠥ ᠡᠷᠭᠢᠮᠯᠠᠨ ᠥᠵᠡᠳᠡᠭ ᠤᠴᠢᠷ ᠠᠴᠠ ᠠᠳᠤᠭᠤ ᠮᠠᠯ ᠤᠨ ᠲᠥᠷᠰᠤ ᠶᠢᠨ ᠪᠡᠯᠭᠡᠳᠠᠯ ᠳᠤ ᠮᠤᠷᠢ ᠪᠠᠷ ᠪᠡᠯᠭᠡᠳᠠᠭᠦ ᠨᠢ ᠲᠥᠭᠡᠮᠡᠯ ᠪᠠᠶᠢᠳᠠᠭ᠃ ᠬᠠᠳᠠᠨ ᠵᠢᠷᠤᠭ᠂ ᠠᠷᠭ᠍ᠸᠤᠯᠤᠬᠢ ᠶᠢᠨ ᠢᠯᠠᠷᠡᠭᠦᠯᠤᠯᠳᠠ ᠳᠠᠬᠢ ᠮᠤᠷᠢᠨ ᠤ ᠲᠥᠷᠰᠤ ᠪᠤᠯᠤᠨ ᠮᠤᠷᠢᠨ ᠤ ᠲᠤᠬᠠᠢ ᠶᠠᠩᠵᠤ ᠪᠥᠷᠢ ᠶᠢᠨ ᠰᠠᠶᠢᠯᠪᠤᠷᠢ᠂ ᠪᠠᠷᠢᠮᠠᠯ︔ ᠰᠥᠷ ᠰᠥᠯᠳᠠ᠂ ᠴᠤᠭ ᠵᠢᠪᠬᠤᠭ᠎ᠠ ᠶᠢᠨ ᠪᠡᠯᠭᠡᠳᠠᠯ ᠪᠤᠯᠤᠭᠰᠠᠨ ᠭᠡᠶᠢᠮᠥᠷᠢ ᠶᠢᠨ ᠵᠢᠷᠤᠭ ᠲᠥᠷᠰᠤ︔ ᠠᠵᠠ ᠵᠢᠷᠭᠠᠯ᠂ ᠰᠠᠶᠢᠨ ᠰᠠᠶᠢᠬᠠᠨ ᠤ ᠵᠥᠡᠭᠨᠡᠯ ᠢ ᠢᠯᠠᠳᠭᠡᠭᠰᠡᠨ ︽ᠵᠢᠷᠭᠠᠯ ᠤᠨ ᠨᠠᠢᠮᠠᠨ ᠮᠤᠷᠢ︾ ᠵᠠᠷᠭᠡ ᠨᠢ ᠭᠡᠶᠢᠮᠤᠷᠢ ᠴᠤᠭ ᠰᠥᠯᠳᠠ ᠶᠢᠨ ᠪᠡᠯᠭᠡᠳᠠᠯ ᠤᠳᠬ᠎ᠠ ᠪᠠᠷ ᠤᠨ ᠤᠳᠠᠭᠠᠨ ᠤᠯᠠᠮᠵᠢᠯᠠᠭᠳᠠᠵᠤ᠂ ᠥᠨᠥ ᠴᠤ ᠮᠥᠨ ᠥᠷᠭᠡᠨ ᠭᠡᠪᠴᠢᠶᠠᠨ ᠳᠤ ᠲᠠᠯᠭᠡᠷᠡᠭᠰᠡᠭᠡᠷ ᠪᠠᠶᠢᠭ᠎ᠠ ᠶᠤᠮ᠃ ᠡᠨᠡ ᠮᠠᠳᠤᠴᠢᠯᠠᠨ ᠲᠠᠪᠤᠨ ᠬᠤᠰᠢᠭᠤ ᠮᠠᠯ ᠤᠨ ᠲᠥᠷᠰᠤ ᠪᠠᠷ ᠪᠡᠯᠭᠡᠳᠠᠯ ᠰᠠᠨᠠᠭ᠎ᠠ ᠪᠠᠨ ᠢᠯᠠᠳᠭᠡᠭᠦ ᠳᠤ ᠪᠠᠨ ᠥᠭᠡᠷ ᠤᠨ ᠲᠥᠷᠰᠤ ᠪᠠᠷ ᠠᠷᠠᠯ ᠤᠨ ᠱᠠᠷ ᠰᠢᠬ ᠵᠢᠳᠭᠦᠭᠦ ᠵᠢᠳᠭᠦᠯ ᠭᠠᠪᠢᠶ᠎ᠠ᠂ ᠭᠥᠴᠥ ᠴᠢᠳᠠᠯ ᠢ ᠪᠡᠯᠭᠡᠳᠠᠭᠦ︔ ᠲᠡᠮᠡᠭᠡᠨ ᠤ ᠲᠥᠷᠰᠤ ᠪᠠᠷ ᠲᠤᠷᠪᠢ ᠭᠥᠴᠥ᠂ ᠲᠠᠭᠠᠭᠠᠴᠠ ᠴᠢᠳᠠᠯ ᠢ ᠪᠡᠯᠭᠡᠳᠡᠭᠦ︔ ᠬᠤᠨᠢᠨ ᠤ ᠲᠥᠷᠰᠤ ᠪᠠᠷ ᠨᠤᠮᠤᠬᠠᠨ ᠰᠢᠳᠥᠷᠭᠤ᠂ ᠥᠨᠢᠷ ᠵᠢᠷᠭᠠᠯ ᠢ ᠪᠡᠯᠭᠡᠳᠠᠭᠦ︔ ᠢᠮᠠᠭᠠᠨ ᠤ ᠲᠥᠷᠰᠤ ᠪᠠᠷ ᠴᠤᠭ ᠵᠤᠯᠢ᠂ ᠰᠠᠷᠭᠦᠯᠡᠩ ᠰᠤᠷᠭᠤᠭ ᠢ ᠪᠡᠯᠭᠡᠳᠠᠭᠦ ᠨᠢ ᠥᠪᠡᠷᠮᠢᠴᠠ ᠪᠠᠶᠢᠳᠠᠭ᠃ ᠡᠳᠡᠭᠡᠷ ᠨᠢ ᠮᠤᠩᠭᠤᠯᠴᠤᠳ ᠤᠨ ᠮᠠᠯ ᠠᠵᠤ ᠠᠬᠤᠢ ᠡᠷᠭᠢᠯᠡᠭᠰᠡᠨ ᠤᠳᠠᠭᠠᠨ ᠤᠨ ᠤ ᠲᠤᠷᠰᠢᠯᠭ᠎ᠠ ᠶᠢᠨ ᠬᠤᠷᠠᠮᠳᠤᠯ ᠪᠤᠯᠬᠤ ᠶᠢᠨ ᠬᠠᠮᠳᠤ᠂ ᠤᠷᠠᠨ ᠰᠠᠳᠭᠢᠮᠵᠢ᠂ ᠭᠤᠸ᠎ᠠ ᠲᠠᠭᠠᠰᠢᠶᠠᠯ ᠤᠨ ᠭᠢᠨᠢ ᠪᠡᠯᠭᠡᠳᠠᠯ ᠵᠥᠡᠭᠨᠡᠯ ᠤᠨ ᠥᠢᠯᠠᠭᠠᠯᠳᠠ ᠳᠤ ᠢᠯᠠᠷᠡᠭᠰᠡᠨ ᠪᠤᠳᠠᠳᠤ ᠲᠤᠰᠬᠠᠯ ᠪᠤᠯᠤᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号