ᠬᠦᠨᠳᠡᠯᠡᠨ ᠭᠤᠣᠯ ᠴᠡᠴᠡᠷᠯᠢᠭ ᠤᠨ ᠳᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2019/1/28
      ᠬᠦᠨᠳᠡᠯᠡᠨ ᠭᠤᠣᠯ ᠴᠡᠴᠡᠷᠯᠢᠭ ᠨᠢ ᠭᠤᠷᠪᠠᠨ ᠬᠤᠭᠤᠴᠠᠭ᠎ᠠ ᠪᠠᠷ ᠪᠠᠶᠢᠭᠤᠯᠣᠨ᠎ᠠ᠂ ᠪᠦᠬᠦ ᠪᠡᠯᠡ ᠣᠷᠣᠭᠤᠯᠣᠯᠳᠡ ᠨᠢ11.7 ᠳ᠋ᠦᠭᠰᠢᠭᠤᠷ ᠲᠦᠭᠦᠷᠢᠭ᠂ ᠨᠢᠭᠡᠲᠦᠭᠡᠷ  ᠬᠤᠭᠤᠴᠠᠭᠠᠨ ᠤ ᠪᠠᠷᠢᠯᠭ᠎ᠠ ᠶᠢᠨ ᠠᠵᠢᠯ  ᠨᠢ2007 ᠣᠨ ᠤ2 ᠰᠠᠷ᠎ᠠ ᠠᠴᠠ ᠡᠬᠢᠯᠡᠵᠦ᠂2008 ᠣᠨ ᠤ6 ᠰᠠᠷ᠎ᠠ ᠶᠢᠨ ᠡᠴᠦᠰ ᠲᠤ ᠳᠠᠭᠤᠰᠴᠦ᠂ ᠪᠦᠬᠦ ᠤᠷᠳᠤ ᠨᠢ3.6km᠂ ᠪᠦᠬᠦ ᠪᠡᠯᠡ ᠣᠷᠣᠭᠤᠯᠣᠯᠳᠡ ᠨᠢ4ᠳ᠋ᠦᠭᠰᠢᠭᠤᠷ ᠲᠦᠭᠦᠷᠢᠭ  ᠃ ᠬᠤᠶᠠᠳᠣᠭᠠᠷ  ᠬᠤᠭᠤᠴᠠᠭᠠᠨ ᠤ ᠠᠵᠢᠯ ᠨᠢ 2011 ᠣᠨ ᠠᠴᠠ ᠡᠬᠢᠯᠡᠨ ᠪᠦᠲᠦᠭᠡᠨ ᠪᠠᠶᠢᠭᠤᠯᠵᠦ᠂ ᠨᠢᠭᠡᠲᠦᠭᠡᠷ  ᠬᠤᠭᠤᠴᠠᠭᠠᠨ ᠤ ᠠᠵᠢᠯ ᠤᠨ ᠰᠠᠭᠤᠷᠢᠨ ᠳᠡᠭᠡᠷ᠎ᠡ  ᠤᠮᠠᠷᠠᠰᠢ ᠪᠠᠨ5km ᠤᠷᠢᠳᠣᠳᠬᠠᠵᠦ᠂  ᠪᠦᠬᠦ ᠪᠡᠯᠡ ᠣᠷᠣᠭᠤᠯᠣᠯᠳᠠ ᠨᠢ6.4ᠳ᠋ᠦᠭᠰᠢᠭᠤᠷ ᠲᠦᠭᠦᠷᠢᠭ  ᠃2014 ᠣᠨ ᠳᠤ ᠬᠦᠨᠳᠡᠯᠡᠨ ᠭᠤᠣᠯ ᠤᠨ ᠳᠡᠭᠡᠲᠦ ᠤᠷᠤᠰᠬᠠᠯ ᠴᠢᠭᠢᠭᠯᠢᠭ ᠭᠠᠵᠠᠷ ᠤᠨ ᠴᠡᠴᠡᠷᠯᠢᠭ ᠤᠨ ᠪᠦᠲᠦᠭᠡᠨ ᠪᠠᠶᠢᠭᠤᠯᠣᠯᠳᠠ ᠶᠢ ᠳᠠᠭᠤᠰᠬᠠᠵᠦ᠂  2.8km ᠤᠷᠲᠤ᠂ ᠪᠦᠬᠦ ᠪᠡᠯᠡ ᠣᠷᠣᠭᠤᠯᠣᠯᠳᠠ ᠨᠢ1.3ᠳ᠋ᠦᠭᠰᠢᠭᠤᠷ ᠲᠦᠭᠦᠷᠢᠭ᠂ ᠳᠣᠰ ᠠᠵᠢᠯ ᠳᠤ ᠴᠢᠭᠢᠭᠯᠢᠭ ᠭᠠᠵᠠᠷ ᠤᠨ ᠴᠡᠴᠡᠷᠯᠢᠭ  ᠤᠨ ᠵᠡᠭᠦᠨ ᠲᠠᠯ᠎ᠠ ᠠᠴᠠ70m ᠦᠷᠭᠡᠨ ᠤ ᠦᠶᠡᠷ ᠨᠠᠪᠳᠠᠷᠠᠬᠦ ᠵᠠᠮ ᠪᠠ  ᠪᠠᠷᠠᠭᠤᠨ ᠲᠠᠯ᠎ᠠ ᠶᠢᠨ ᠣᠰᠣᠨ ᠤ ᠦᠵᠠᠮᠵᠢ ᠪᠠᠭᠲᠠᠨ᠎ᠠ᠃        ᠬᠦᠨᠳᠡᠯᠡᠨ ᠭᠤᠣᠯ ᠤᠨ ᠬᠠᠮᠢᠶᠠᠷᠣᠯᠳᠠ ᠶᠢᠨ ᠠᠷᠠᠴᠢᠯᠠᠬᠤ ᠪᠠ ᠬᠠᠮᠠᠭᠠᠯᠠᠬᠤ ᠬᠦᠷᠢᠶ᠎ᠡ ᠬᠡᠪᠴᠢᠶ᠎ᠡ᠄ ᠪᠦᠬᠦ ᠤᠷᠲᠤ ᠨᠢ 8.6km᠂ ᠬᠦᠮᠦᠷᠭᠡ ᠶᠢᠨ ᠳᠣᠭᠤᠷᠢᠭ ᠨᠢ ᠤᠮᠠᠷ᠎ᠠ ᠠᠴᠠ  ᠡᠮᠦᠨᠡᠲᠦ ᠵᠦᠭ  ᠭᠤᠮ ᠤᠰᠤᠨ ᠬᠠᠰᠢᠯᠠᠯᠳᠠ ᠪᠠᠷ ᠤᠰᠤ ᠬᠠᠳᠠᠭᠠᠯᠠᠬᠤ ᠭᠠᠵᠠᠷ9 ᠬᠤᠪᠢᠶᠠᠵᠦ᠂ ᠦᠷᠭᠡᠨ ᠨᠢ 500 m᠂ ᠡᠭᠦᠨ ᠳᠤ 200m ᠤᠰᠤ ᠬᠠᠳᠠᠭᠠᠯᠠᠬᠤ ᠭᠠᠵᠠᠷ᠂150m ᠨᠤᠭᠤᠭᠠᠷᠠᠭᠤᠯᠬᠤ ᠳᠣᠭᠤᠷᠢᠭ ᠪᠠ 150m ᠦᠭᠡᠷᠡᠴᠢᠯᠡᠬᠦ ᠳᠣᠭᠤᠷᠢᠭ ᠢ ᠪᠠᠭᠳᠠᠭᠠᠵᠤ᠂ ᠵᠢᠯ ᠤᠨ ᠤᠰᠤ ᠬᠠᠳᠠᠭᠠᠯᠠᠬᠤ ᠬᠡᠮᠵᠢᠶ᠎ᠡ ᠨᠢ 300 ᠲᠦᠮᠡᠨ ᠪᠣᠰᠤᠭ᠎ᠠ ᠲᠦᠷᠪᠡᠯᠵᠢᠨ ᠮᠧᠲᠷ᠃ ᠪᠦᠬᠦᠯᠢ ᠴᠣᠭᠴᠠ ᠶᠢᠨ ᠪᠦᠲᠦᠭᠡᠨ ᠪᠠᠶᠢᠭᠤᠯᠣᠯᠳᠠ ᠶᠢᠨ ᠶᠡᠷᠦᠩᠬᠢ ᠲᠠᠯᠠᠪᠠᠢ ᠨᠢ 407 ᠡᠾᠧᠺᠲ᠋ᠠᠷ᠂ ᠡᠯ᠎ᠡ ᠵᠦᠢᠯ ᠤᠨ ᠮᠤᠳᠤ ᠶᠢ 72 ᠲᠦᠷᠦᠯ 15 ᠲᠦᠮᠡ ᠭᠠᠷᠦᠢ ᠲᠦᠷᠦᠯ ᠳᠡᠷᠢᠵᠦ᠂  ᠪᠤᠲᠠ5.1 ᠲᠦᠮᠡ᠂ ᠤᠷᠭᠤᠭ᠎ᠠ ᠮᠤᠳᠤ ᠬᠡᠷᠡᠭᠰᠡᠭᠡ10 ᠲᠦᠮᠡᠨ ᠳᠡᠭᠰᠢ ᠲᠦᠷᠪᠡᠯᠵᠢᠨ ᠮᠧᠲᠷ᠂ ᠴᠡᠴᠡᠭ ᠪᠠ ᠡᠪᠠᠰᠦ40 ᠭᠠᠷᠣᠢ ᠲᠦᠷᠦᠯ᠂ᠨᠤᠭᠤᠭᠠᠨ ᠤᠷᠭᠤᠮᠠᠯ 62 ᠲᠦᠮᠡᠨ ᠲᠡᠭᠰᠢ ᠲᠦᠷᠪᠡᠯᠵᠢᠨ‌ᠮᠧᠲᠷ᠂ ᠣᠰᠣᠨ ᠴᠡᠪᠡᠷᠯᠡᠬᠦ ᠪᠠ ᠨᠣᠭᠤᠭᠠᠨ ᠬᠦᠷᠦᠰᠦ ᠴᠡᠴᠡᠷᠯᠢᠭ ᠤᠨ ᠳᠣᠲᠣᠷ᠎ᠠ ᠶᠡᠭᠡ ᠬᠡᠮᠵᠢᠶᠡᠨ ᠤ ᠴᠡᠪᠡᠷ ᠠᠭᠠᠷ ᠪᠠ ᠬᠦᠴᠢᠯᠲᠦᠷᠦᠭᠴᠢ ᠶᠢᠨ ᠪᠢᠯᠢᠭ ᠢᠶᠣᠨ ᠠᠭᠤᠯᠤᠭᠳᠠᠵᠤ᠂ ᠪᠡᠶ᠎ᠡ ᠰᠣᠪᠢᠯᠠᠬᠤ ᠦᠢᠯᠡᠲᠦᠯ ᠲᠠᠢ᠃      ᠣᠶᠢᠷ᠎ᠠ ᠶᠢᠨ ᠬᠡᠲᠦᠨ ᠵᠢᠯ ᠳᠤ ᠪᠢᠳᠡ10.8km ᠭᠤᠣᠯ ᠳᠠᠭᠤ ᠭᠡᠷᠡᠯᠲᠦᠬᠦᠯᠬᠦ ᠢᠨᠵᠧᠨᠧᠷᠡᠭ᠂ ᠳᠠᠭᠤᠣ ᠬᠦᠭᠵᠢᠮ ᠤᠨ ᠣᠷᠬᠢᠯᠤᠭ᠎ᠠ ᠪᠣᠯᠠᠭ ‍ᠤᠨ‌ᠢᠨᠵᠧᠨᠧᠷᠡᠭ᠂14.8km ᠭᠤᠣᠯ ᠳᠠᠭᠤ ᠳᠣᠭᠤᠢ ᠳᠡᠷᠭᠡᠨ ᠤ ᠳᠣᠭᠤᠷᠢᠭᠤ ᠵᠠᠮ ‍ᠤᠨ‌ᠢᠨᠵᠧᠨᠧᠷᠡᠭ᠂9.6ᠡᠾᠧᠺᠲ᠋ᠠᠷ ᠤᠨ ᠨᠢᠭᠤᠴᠠ ᠬᠦᠷᠢᠶᠡᠯᠡᠩ ‍ᠦᠨ‌ᠢᠨᠵᠧᠨᠧᠷᠡᠭ ᠪᠠ ᠳᠡᠮᠦᠷ ᠵᠠᠮ ᠤᠨ ᠬᠦᠬᠦᠷᠭᠡ ᠂110 ᠤᠯᠤᠰ ᠤᠨ ᠵᠠᠮ ᠤᠨ ᠬᠦᠬᠦᠷᠭᠡ᠂G6 ᠦᠨᠲᠦᠷ ᠬᠤᠷᠳᠣᠴᠠᠲᠦ ᠬᠦᠬᠦᠷᠭᠡ ᠪᠠ ᠴᠢᠭᠢᠭᠯᠢᠭ ᠭᠠᠵᠠᠷ1km ᠭᠡᠷᠡᠯᠲᠦᠭᠦᠯᠬᠦ ᠢᠨᠵᠧᠨᠧᠷᠡᠭ ᠵᠡᠷᠭᠡ ᠶᠢ ᠵᠠᠯᠭ᠎ᠠ ᠪᠠᠷ ᠭᠡᠷᠡᠭᠵᠢᠭᠦᠯᠪᠡ᠃ ᠪᠢᠳᠡ ᠪᠠᠰᠠ6000 ᠳᠡᠭᠰᠢ ᠲᠦᠷᠪᠡᠯᠵᠢᠨ ᠮᠧᠲᠷ ᠤᠨ ᠳᠠᠪᠣᠨ ᠬᠦᠮᠦᠨ ᠤ ᠬᠥᠯ ᠪᠦᠮᠪᠦᠭᠡᠨ ᠳᠠᠯᠠᠪᠣᠷ᠂4 ᠣᠷᠴᠢᠨ ᠳᠣᠭᠤᠷᠢᠨ ᠤ ᠠᠷᠢᠭᠤᠨ ᠴᠡᠪᠡᠷ ᠢ ᠬᠠᠮᠠᠭᠠᠯᠠᠬᠤ ᠲᠦᠬᠦᠭᠡᠷᠦᠮᠵᠢ ᠶᠢ ᠪᠠᠶᠢᠭᠤᠯᠵᠦ᠂ ᠣᠳᠣ ᠨᠢᠭᠡᠨᠳᠡ ᠬᠡᠷᠡᠭᠵᠢᠯᠡᠯᠳᠡ ᠳᠤ ᠣᠷᠣᠪᠠ᠃ ᠬᠦᠨᠳᠡᠯᠡᠨ ᠭᠤᠣᠯ ‍ᠤᠨ‌ᠨᠢᠭᠡᠲᠦᠭᠡᠷ ᠬᠤᠭᠤᠴᠠᠭᠠᠨ ᠤ ᠤᠰᠤ ᠰᠣᠨᠢᠷᠬᠠᠬᠤ ᠲᠠᠪᠴᠡᠩ᠂ ᠲᠠᠯ᠎ᠠ ᠨᠤᠲᠤᠭ ᠤᠨ ᠮᠠᠯᠴᠢᠳ ᠤᠨ ᠳᠠᠭᠤᠯᠠᠯ ᠪᠠ ᠬᠡᠣᠬᠡᠳ ᠤᠨ ᠴᠡᠩᠬᠡᠯ ᠤᠨ ᠬᠦᠷᠢᠶᠡᠯᠡᠩ᠂ ᠬᠠᠭᠤᠷᠠᠢ ᠭᠠᠵᠠᠷ ᠤᠨ ᠣᠷᠭᠢᠯᠤᠭ᠎ᠠ ᠪᠤᠯᠠᠭ ᠪᠠ ᠳᠠᠪᠬᠤᠴᠠᠬᠤ ᠪᠤᠯᠠᠭ ᠳᠤ ᠪᠦᠬᠦᠯᠢ ᠴᠣᠭᠴᠠ ᠶᠢᠨ ᠬᠠᠮᠠᠭᠠᠯᠠᠯᠳᠠ ᠪᠠ ᠦᠭᠡᠷᠡᠴᠢᠯᠡᠯᠳᠡ ᠬᠢᠵᠦ᠂ ᠦᠭᠡᠷᠡᠴᠢᠯᠡᠯᠳᠡ ᠶᠢᠨ ᠶᠡᠷᠦᠩᠬᠡᠢ ᠳᠠᠯᠠᠪᠠᠢ ᠨᠢ10 ᠲᠦᠮᠡᠨ ᠲᠦᠷᠪᠡᠯᠵᠢᠨ ᠮᠧᠲᠷ᠂ ᠭᠤᠶᠣ ᠰᠠᠶᠢᠬᠠᠨ ᠬᠦᠨᠳᠡᠯᠡᠨ ᠭᠤᠣᠯ ᠤᠨ ᠦᠵᠡᠰᠭᠦᠯᠡᠩ ᠨᠢ ᠦᠷᠭᠡᠨ ᠣᠯᠠᠨ ᠬᠦᠮᠦᠰ ᠤᠨ ᠵᠣᠭᠠᠴᠠᠵᠦ ᠳᠣᠭᠤᠷᠢᠬᠤ ᠪᠠᠭ᠋ᠠᠷᠬᠠᠯ ᠢ ᠳᠠᠳᠠᠵᠦ᠂ ᠨᠠᠶᠢᠭᠡᠮ ᠤᠨ ᠡᠯ᠎ᠡ  ᠡᠳᠡᠭᠡᠳ ᠤᠨ ᠨᠢᠭᠡᠲᠦᠯᠲᠠᠢ ᠮᠠᠭᠳᠠᠭᠠᠯ ᠰᠠᠶᠢᠰᠢᠶᠠᠯ ᠢ ᠤᠯᠵᠠᠢ᠃
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号