ᠮᠧᠢ ᠳ᠋ᠸᠢ ᠡᠾᠸᠡᠭ ᠠᠶᠠᠯᠠᠯ ᠵᠢᠭᠤᠯᠴᠢᠯᠠᠯ ᠤᠨ ᠲᠦᠪᠯᠡᠷᠡᠨ ᠳᠠᠷᠬᠠᠬᠤ ᠲᠦᠪ ᠤᠨ ᠠᠵᠢᠯ ᠤᠨ ᠲᠦᠷᠦᠯ
ᠨᠡᠶᠢᠲᠡᠯᠡᠭᠰᠡᠨ ᠴᠠᠭ᠄
2019/1/29
       ᠮᠧᠢ ᠳ᠋ᠸᠢ ᠡᠾᠸᠡᠭ ᠠᠶᠠᠯᠠᠯ ᠵᠢᠭᠤᠯᠴᠢᠯᠠᠯ ᠤᠨ ᠲᠦᠪᠯᠡᠷᠡᠨ ᠳᠠᠷᠬᠠᠬᠤ ᠲᠦᠪ ᠤᠨ ᠠᠵᠢᠯ ᠤᠨ ᠲᠦᠷᠦᠯ ᠨᠢ  ᠪᠣᠭᠤᠲᠦ ᠬᠤᠳᠠ ᠶᠢᠨ ᠬᠦᠨᠳᠡᠯᠡᠨ ᠳᠣᠭᠤᠷᠢᠭ ᠤᠨ ᠤᠮᠠᠷᠠᠲᠤ ᠬᠡᠰᠡᠭ ᠲᠤ ᠪᠠᠶᠢᠷᠢᠰᠢᠵᠦ᠂  ᠪᠠᠷᠤᠭ128 ᠮᠦ ᠭᠠᠵᠠᠷ ᠢ ᠡᠵᠡᠯᠵᠥ᠂  ᠶᠡᠷᠦᠩᠬᠡᠢ ᠪᠠᠯᠡ ᠣᠷᠣᠭᠤᠯᠣᠯᠳᠠ ᠨᠢ10.61 ᠳ᠋ᠦᠭᠰᠢᠭᠤᠷ ᠲᠦᠭᠦᠷᠢᠭ᠂ ᠪᠠᠶᠢᠭᠤᠯᠣᠯᠳᠠ ᠶᠢᠨ ᠣᠨ ᠵᠢᠯ ᠨᠢ2013 - 2017᠃ ᠪᠥᠬᠦᠳᠡ ᠪᠠᠶᠢᠭᠤᠯᠣᠯᠳᠠ ᠶᠢᠨ ᠬᠡᠪᠴᠢᠶ᠎ᠡ ᠨᠢ26 ᠲᠦᠮᠡᠨ ᠲᠡᠭᠰᠢ ᠲᠦᠷᠪᠡᠯᠵᠢᠨ ᠮᠧᠲᠷ ᠪᠠᠶᠢᠵᠦ᠂ ᠳᠡᠯᠭᠡᠭᠦᠷ᠂  ᠬᠤᠳᠠᠯᠳᠣᠭᠠᠨ ᠤ ᠭᠠᠵᠠᠷ᠂ ᠨᠣᠣᠫᠢᠯ ᠤᠨ ᠪᠠᠷᠢᠯᠭ᠎ᠠ ᠠᠰᠠᠷ᠂ ᠭᠠᠵᠠᠷ ᠳᠣᠣᠷᠡᠬᠢ ᠲᠡᠷᠭᠡ ᠵᠣᠭᠰᠣᠭᠠᠬᠤ ᠭᠠᠵᠠᠷ ᠵᠡᠷᠭᠡ ᠶᠢ ᠪᠠᠭᠲᠠᠭᠠᠨ᠎ᠠ᠃      ᠳᠤᠰ ᠠᠵᠢᠯ ᠲᠦᠷᠦᠯ ᠨᠢ ᠪᠣᠭᠤᠲᠦ ᠬᠤᠲᠠ ᠶᠢᠨ ᠭᠤᠣᠯᠳᠠᠯᠭ᠎ᠠ ᠲᠠᠢ ᠦᠷᠦᠭᠡ ᠣᠷᠣᠭᠤᠯᠣᠭᠴᠢᠳ ᠢ ᠤᠷᠢᠵᠦ ᠪᠡᠯᠡ ᠣᠷᠣᠭᠤᠯᠬᠤ ᠠᠵᠢᠯ ᠲᠦᠷᠦᠯ ᠪᠠᠶᠢᠵᠦ᠂ ᠵᠣᠭᠠᠴᠠᠯ ᠤᠨ ᠲᠡᠸᠠᠷ᠂ ᠴᠡᠴᠡᠭ ᠡᠪᠡᠰᠦ᠂ ᠡᠷᠲᠡᠨ ᠤ ᠡᠳ᠋᠂ ᠬᠤᠷᠢᠶᠠᠨ ᠬᠠᠳᠠᠭᠠᠯᠠᠬᠤ᠂ ᠵᠢᠷᠤᠭ ᠪᠢᠴᠢᠭᠡᠰᠦ᠂ ᠰᠣᠪᠣᠳ ᠡᠷᠳᠡᠨᠢ᠂ ᠬᠠᠰ ᠴᠢᠮᠡᠭᠯᠡᠯ᠂  ᠳ᠋ᠸᠡᠭ ᠤᠨ ᠵᠠᠰᠠᠯ ᠴᠢᠮᠡᠭᠯᠡᠯ᠂ ᠭᠡᠷ ᠤᠨ ᠬᠡᠷᠡᠭᠰᠡᠯ ᠮᠡᠲᠦ ᠶᠢᠨ ᠨᠢᠭᠡ ᠴᠤᠭᠴᠠ ᠶᠢᠨ ᠰᠢᠨ᠎ᠡ ᠮᠠᠶᠠᠭ ᠤᠨ ᠬᠤᠳᠠ ᠶᠢᠨ ᠶᠡᠷᠦᠩᠬᠡᠶᠢᠯᠡᠭᠰᠡᠨ ᠠᠵᠢᠯ ᠲᠦᠷᠦᠯ ᠪᠣᠯᠣᠨ᠎ᠠ᠃ ᠲᠡᠷᠢᠭᠦᠨ ᠳᠡᠰ ᠤᠨ ᠲᠦᠬᠦᠭᠡᠷᠦᠮᠵᠢ ᠶᠢ ᠪᠦᠲᠦᠭᠡᠨ ᠪᠠᠶᠢᠭᠤᠯᠬᠤ ᠪᠠᠷ ᠳᠡᠮᠵᠢᠨ ᠲᠡᠷᠢᠭᠦᠨ ᠳᠡᠰ ᠤᠨ ᠣᠷᠴᠢᠨ ᠳᠣᠭᠤᠷᠢᠨ ᠢ ᠪᠠᠶᠢᠭᠤᠯᠬᠤ ᠪᠠ ᠳᠡᠷᠢᠭᠦᠨ ᠳᠡᠰ ᠤᠨ ᠦᠢᠯᠡᠴᠢᠯᠡᠯᠭᠡ ᠶᠢ ᠪᠦᠲᠦᠭᠡᠨ ᠪᠠᠶᠢᠭᠤᠯᠵᠦ᠂  ᠵᠤᠭᠠᠴᠠᠯ ᠤᠨ ᠲᠠᠸᠠᠷ᠂ ᠰᠣᠶᠣᠯ ᠤᠨ ᠨᠢᠭᠡ ᠦᠷᠳᠡᠭᠡᠨ ᠬᠡᠯᠪᠡᠷᠢᠲᠦ ᠪᠠᠶᠠᠴᠢᠯᠡᠨ ᠳᠣᠭᠤᠯᠠᠬᠤ ᠬᠤᠳᠠᠯᠳᠣᠨ ᠠᠪᠬᠤ ᠳᠠᠯᠠᠪᠤᠷ ᠢ ᠪᠦᠲᠦᠭᠡᠨ ᠪᠠᠶᠢᠭᠤᠯᠪᠠ᠃
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号