ᠬᠦᠨᠳᠡᠯᠡᠨ ᠰᠦᠮ᠎ᠡ | | | | | | ᠪᠤᠭᠤᠳᠤ ᠶᠢᠨ ᠬᠦᠨᠳᠡᠯᠡᠨ ᠰᠦᠮ᠎ᠡ | | | ᠦᠪᠦᠷ ᠮᠤᠩᠭᠤᠯ ᠤᠨ ᠪᠤᠭᠤᠳᠤ ᠬᠤᠲᠠ ᠶᠢᠨ ᠬᠦᠨᠳᠡᠯᠡᠨ ᠰᠦᠮ᠎ᠡ ᠪᠤᠯ ᠲᠦᠪᠡᠳ ᠤᠯᠠᠮᠵᠢᠯᠠᠯᠳᠤ ᠪᠤᠷᠬᠠᠨ | ᠱᠠᠰᠢᠨ ᠥᠭᠡᠯᠦ᠋ᠭᠪᠠ ᠪᠦᠯᠦᠭ ᠤᠨ ᠰᠦᠮ᠎ᠡ ᠶᠤᠮ᠂ ᠦᠨᠢ ᠤᠳᠠᠭᠠᠨ ᠲᠡᠤᠬᠡ ᠶᠢᠨ ᠦᠩᠭᠡ ᠠᠶᠠᠰ ᠢᠶᠠᠷ ᠳᠡᠬᠦᠯᠳᠡᠷ | ᠡᠨᠡ ᠰᠦᠮ᠎ᠡ ᠶᠢ ᠡᠩᠬᠡᠠᠮᠤᠭᠤᠯᠠᠩ ᠤᠨ ᠬᠤᠷᠢᠨ ᠵᠢᠷᠭᠤᠳᠤᠭᠠᠷ ᠤᠨ ︵1687︶ ᠳᠤ ᠡᠬᠢᠯᠡᠨ ᠪᠠᠶᠢᠭᠤᠯᠤᠭᠰᠠᠨ | ᠪᠦᠭᠡᠳ ᠲᠡᠭᠷᠢ ᠲᠡᠳᠬᠦᠭᠴᠢ ᠬᠠᠭᠠᠨᠡᠴᠡ ᠨᠤᠮ ᠤᠨ ᠪᠠᠶᠠᠰᠬᠤᠯᠠᠩᠳᠤ ᠰᠦᠮ᠎ᠡ ᠭᠡᠮᠡᠬᠦ ᠨᠡᠷ᠎ᠡ ᠰᠤᠶᠤᠷᠬᠠᠭᠰᠠᠨ | ᠪᠠᠶᠢᠵᠠᠢ᠃ ᠤᠳᠤ ᠬᠦᠨᠳᠡᠯᠡᠨ ᠰᠦᠮ᠎ᠡ ᠨᠢ ᠦᠪᠦᠷ ᠮᠤᠩᠭᠤᠯᠥᠨ ᠦᠪᠡᠷᠳᠡᠭᠡᠨ ᠵᠠᠰᠠᠬᠤ ᠤᠷᠤᠨ ᠤ ᠳᠡᠰ ᠤᠨ ᠲᠡᠤᠬᠡ | ᠰᠤᠶᠤᠯ ᠤᠨ ᠲᠤᠷᠠᠰᠬᠠᠯᠳᠤ ᠵᠦᠢᠯᠡᠰ ᠤᠨ ᠬᠠᠮᠠᠭᠠᠯᠠᠯᠳᠠ ᠶᠢᠨ ᠨᠢᠭᠡᠴᠢ ᠪᠤᠯᠤᠭᠰᠠᠨ ᠪᠠᠶᠢᠨ᠎ᠠ᠃ | ᠬᠦᠨᠳᠡᠯᠡᠨ ᠰᠦᠮ᠎ᠡ ᠶᠢᠨ ᠡᠷᠬᠢᠯᠡᠭᠴᠢ᠂ ᠬᠠᠮᠪᠤ ᠯᠠᠮᠠ ᠪᠠᠶᠠᠰᠬᠤᠯᠠᠩ ᠪᠠᠷ ᠰᠦᠮ᠎ᠡ ᠶᠢᠨ ᠢᠶᠠᠨ ᠲᠡᠤᠬᠡ ᠶᠢᠨ | ᠲᠤᠬᠠᠢ ᠶᠠᠷᠢᠬᠤᠳᠤ ᠪᠠᠨ᠄ ︽ᠴᠢᠩ ᠤᠯᠤᠰ ᠤᠨ ᠦᠶ᠎ᠡ ᠳᠤ ᠬᠦᠨᠳᠡᠯᠡᠨ ᠰᠦᠮ᠎ᠡ ᠤᠷᠠᠳ ᠶᠢᠨ ᠲᠤᠮᠳᠠᠳᠤ ᠭᠦᠩ ᠤᠨ | ᠬᠤᠰᠢᠭᠤᠨ ᠤ ᠬᠤᠰᠢᠭᠤᠨᠰᠦ᠋ᠮᠡ ᠪᠠᠶᠢᠵᠦ᠂ ᠴᠢᠩ ᠤᠯᠤᠰ ᠤᠨ ᠭᠠᠳᠠᠭᠠᠳᠤ ᠮᠤᠩᠭᠤᠯ ᠤᠨ ᠳᠦᠷᠦ ᠶᠢ ᠵᠠᠰᠠᠬᠤ | ᠶᠠᠪᠤᠳᠠᠯ ᠤᠨ ᠶᠠᠮᠤᠨ ᠳᠤ ᠬᠠᠷᠢᠶᠠᠯᠠᠭᠳᠠᠵᠦᠪᠠᠶᠢᠪᠠ᠂ ᠲᠤᠮᠳᠠᠳᠤ ᠭᠦᠩ ᠤᠨ ᠬᠤᠰᠢᠭᠤᠨ ᠤ ᠬᠢᠯᠢ ᠳᠤ | ᠪᠠᠶᠢᠭᠰᠠᠨ 34 ᠰᠦᠮ᠎ᠡ ᠬᠡᠶᠢᠳ ᠪᠦᠷ ᠡᠨᠡ ᠰᠦᠮ᠎ᠡ ᠳ᠋ᠤ᠋ᠬᠠᠷᠢᠶᠠᠯᠠᠭᠳᠠᠳᠠᠭ︾ ᠭᠡᠪᠡ᠃ | ᠴᠢᠩ ᠤᠯᠤᠰ ᠤᠨ ᠲᠡᠭᠷᠢ ᠲᠡᠳᠬᠦᠭᠴᠢ ᠶᠢᠨ ᠤᠨ ᠨᠤᠭᠤᠳ ᠲᠤ ᠬᠦᠨᠳᠡᠯᠡᠨ ᠰᠦᠮ᠎ᠡ ᠨᠢ ᠴᠤᠭᠴᠢᠨ | ᠲᠤᠭᠠᠩ ︵1161ᠲᠡᠭᠰᠢ ᠲᠦᠷᠪᠡᠯᠵᠢᠨ ᠮᠧᠲᠷ ᠲᠠᠯᠠᠪᠠᠢ ᠲᠠᠢ᠂ 8 ᠲᠠᠪᠬᠤᠷ 81 ᠲᠠᠰᠤᠯᠭ᠎ᠠ ᠲᠠᠢ︶ ᠢᠶᠠᠷ | ᠭᠤᠤᠯᠯᠠᠭᠤᠯᠵᠦ᠂ ᠵᠡᠬᠦᠨ ᠪᠠᠷᠠᠭᠤᠨ ᠭᠡᠭᠡᠨ ᠥᠤᠷᠳᠤᠨ ᠨᠢ ᠦᠭᠡᠳᠡ ᠦᠭᠡᠳᠡ ᠠᠴᠠ ᠪᠠᠨ ᠬᠠᠷᠠᠯᠴᠠᠵᠦ᠂ 28 ᠤᠷᠳᠤ | ᠬᠠᠷᠰᠢ ᠠᠰᠠᠷ ᠲᠠᠭᠳᠤ᠂ ᠯᠠᠮᠠ ᠨᠠᠷ ᠬᠢᠭᠡᠳ ᠵᠡᠪᠡ ᠨᠠᠷ ᠣᠨᠰᠠᠭᠤᠳᠠᠭ ᠦᠷᠦᠭᠡ 60 ᠭᠠᠷᠤᠢ ᠲᠠᠰᠤᠯᠭ᠎ᠠ᠂ ᠪᠤᠷᠬᠠᠨ | ᠲᠠᠬᠢᠬᠤ 3 ᠰᠤᠪᠤᠷᠭ᠎ᠠ ᠲᠠᠢ ᠪᠠᠶᠢᠵᠦ᠂ ᠠᠷᠤ ᠳᠤ ᠪᠠᠨ ᠭᠡᠮᠫᠢ ᠰᠦᠮ᠎ᠡ ᠲᠠᠢᠪᠦ᠋ᠭᠡᠳ ᠮᠤᠨᠢ ᠠᠭᠤᠯᠠ ᠪᠠᠷ ᠠᠷᠤ | ᠲᠦᠰᠢᠯᠭᠡ ᠪᠠᠨ ᠪᠤᠯᠭᠠᠨ ᠬᠦᠨᠳᠡᠯᠡᠨ ᠭᠤᠤᠯ ᠤᠨ ᠬᠤᠶᠢᠳᠦ ᠬᠦᠪᠡᠭᠡᠨ ᠳᠤ ᠬᠠᠳᠤᠨ ᠭᠤᠤᠯ ᠢᠡᠮᠦᠨᠡᠰᠢ | ᠪᠠᠷᠠᠯᠠᠭᠰᠠᠨ ᠠᠤᠭ᠎ᠠ ᠲᠤᠮᠤ ᠬᠡᠪᠴᠢᠶ᠎ᠡ ᠲᠠᠢ ᠪᠠᠶᠢᠵᠠᠢ᠃ ᠬᠠᠮᠤᠭ ᠤᠨ ᠶᠡᠭᠡ ᠪᠠᠳᠠᠷᠠᠵᠦ ᠬᠦᠭᠵᠢᠭᠰᠡᠨ ᠦᠶ᠎ᠡ | ᠳᠤ ᠪᠡᠨᠪᠠᠶᠢᠩᠭᠤ ᠰᠠᠭᠤᠳᠠᠭ 1500 ᠭᠠᠷᠤᠢ ᠯᠠᠮᠠ ᠲᠠᠢ ᠪᠠᠶᠢᠪᠠ᠃ | ᠬᠦᠨᠳᠡᠯᠡᠨ ᠰᠦᠮ᠎ᠡ ᠳᠤ ᠤᠤᠯ ᠨᠢ 3000 ᠭᠠᠷᠤᠢ ᠬᠦᠷᠦᠭ ᠪᠠᠷᠢᠮᠠᠯ ᠪᠠ ᠲᠠᠩᠭᠠᠷᠢᠭ ᠤᠨ ᠡᠳ᠋᠂ ᠰᠦᠮ᠎ᠡ | ᠶᠢᠨ ᠤᠷᠤᠢᠵᠢᠨ ᠵᠡᠰ ᠪᠠᠨᠴᠢᠳ᠂ ᠬᠡᠪᠢᠰ᠂ ᠲᠤᠭᠤᠷᠭᠠᠨ ᠬᠡᠪᠢᠰ ᠲᠡᠷᠢᠬᠦᠳᠡᠨ ᠪᠠᠶᠢᠵᠠᠢ᠃ ︽ᠰᠤᠶᠤᠯ ᠤᠨ ᠬᠤᠪᠢᠰᠬᠠᠯ︾ | ᠤᠨ ᠦᠶ᠎ᠡ ᠳᠤ ᠵᠦᠪᠭᠡᠨᠰᠠᠪᠠ ᠬᠡᠷᠡᠭᠰᠡᠯ ᠢ ᠨᠢ ᠴᠡᠪᠡᠷᠯᠡᠬᠦ ᠭᠡᠳ ᠬᠠᠭᠠᠰ ᠰᠠᠷ᠎ᠠ ᠭᠠᠷᠤᠢ ᠶᠢᠨ ᠴᠠᠭ | ᠵᠠᠷᠤᠴᠠᠭᠤᠯᠤᠭᠰᠠᠨ ᠪᠦᠭᠡᠳ ᠭᠠᠯᠳᠤ ᠲᠡᠷᠭᠡᠨ ᠤ ᠬᠡᠳᠦᠬᠡᠳᠦᠨ ᠸᠠᠭᠤᠨ ᠳᠤ ᠲᠡᠭᠡᠭᠡᠭᠡᠳ᠂ ᠬᠠᠮᠢᠭᠠᠰᠢ ᠠᠪᠠᠴᠢᠭᠰᠠᠨ | ᠨᠢ ᠳᠤᠳᠤ ᠦᠭᠡᠢ ᠰᠤᠷᠠᠭ ᠲᠠᠰᠤᠷᠠᠵᠦ᠂ ᠶᠡᠭᠡ ᠬᠡᠮᠵᠢᠶᠡᠨ ᠤ ᠨᠤᠮᠰᠤᠳᠤᠷ ᠭᠠᠯᠳᠠᠭᠳᠠᠭᠰᠠᠨ ᠭᠡᠳᠡᠭ᠃ | ᠴᠤᠭᠴᠢᠨ ᠲᠤᠭᠠᠩ ᠤᠤᠯ ᠤᠨ 64 ᠲᠤᠯᠭᠠᠭᠤᠷ ᠨᠢ ︽ᠰᠤᠶᠤᠯ ᠤᠨ ᠬᠤᠪᠢᠰᠬᠠᠯ︾ ᠥᠨᠦᠶᠡ ᠳᠤ ᠮᠤᠷᠢᠨ | ᠤᠶᠠᠭ᠎ᠠ ᠪᠤᠯᠵᠠᠢ᠃ ᠴᠤᠭᠴᠢᠨ ᠲᠤᠭᠠᠩ ᠤᠨ ᠳᠦᠷᠪᠡᠨ ᠬᠠᠨᠠᠨ ᠲᠡᠭᠡᠷᠡᠬᠢ 300 ᠭᠠᠷᠤᠢ ᠵᠢᠯ ᠤᠨ ᠲᠡᠤᠬᠡ | ᠳᠡᠢᠬᠠᠨᠠ ᠶᠢᠨ ᠵᠢᠷᠤᠭ ᠨᠢ ᠪᠤᠷᠬᠠᠨ ᠤ ᠦᠯᠢᠭᠡᠷ ᠢ ᠵᠢᠷᠤᠭᠯᠠᠵᠦ᠂ ᠨᠢᠭᠤᠴᠠ ᠲᠠᠷᠨᠢ ᠶᠢᠨ ᠴᠤᠶᠢᠵᠤᠩ ᠬᠢᠭᠡᠳ | ᠪᠤᠳᠢᠰᠠᠳ᠋ᠸ᠎ᠠ ᠶᠢᠨ ᠳᠦᠷᠢᠵᠢ ᠵᠢᠷᠤᠭᠰᠠᠨ ᠪᠠᠶᠢᠵᠠᠢ᠃ ︽ᠰᠤᠶᠤᠯ ᠤᠨ ᠬᠤᠪᠢᠰᠬᠠᠯ︾ ᠤᠨ ᠬᠤᠭᠤᠴᠠᠭᠠᠨ ᠳᠤ | ᠠᠯᠪᠠᠳᠠᠯᠭ᠎ᠠ ᠪᠠᠷ ᠬᠤᠰᠤᠭᠤᠯᠵᠦ ᠬᠠᠶᠠᠬᠤ ᠭᠡᠰᠡᠨᠳᠤ ᠲᠤᠶᠢᠨ ᠳ᠋ᠠᠮᠪᠠᠴᠠᠶᠢᠳᠠᠷ ᠪᠠᠷ ᠴᠠᠭᠠᠨ ᠴᠤᠬᠤᠢ ᠤᠰᠤᠨ ᠤ ᠪᠠᠷ | ᠱᠤᠸᠠᠰᠠᠳᠠᠨ ᠬᠠᠯᠬᠠᠯᠠᠭᠠᠳ ᠨᠢᠭᠡᠨᠳᠡ ︽ᠠᠷᠢᠯᠭᠠᠭᠰᠠᠨ︾ ᠭᠡᠵᠦᠬᠡᠯᠡᠭᠰᠡᠨ ᠢᠶᠠᠷ ᠠᠵᠠ ᠲᠠᠢ ᠦᠯᠡᠳᠡᠭᠰᠡᠨ ᠶᠤᠮ | ᠪᠠᠶᠢᠵᠠᠢ᠃ ᠬᠦᠨᠳᠡᠯᠡᠨ ᠰᠦᠮ᠎ᠡ ᠳᠤ ᠵᠡᠬᠦᠨ ᠪᠠᠷᠠᠭᠤᠨ ᠭᠡᠭᠡᠨ ᠤ ᠲᠦᠷᠦᠯ ᠠᠷᠠᠯᠵᠢᠬᠤ ᠰᠢᠰᠲ᠋ᠧᠮ ᠲᠠᠢ᠂ | ᠵᠡᠬᠦᠨ ᠭᠡᠭᠡᠨ ᠨᠢ 7 ᠲᠦᠷᠦᠯᠠᠷᠠᠯᠵᠢᠵᠦ᠂ ᠪᠠᠷᠡᠭᠤᠨ ᠭᠡᠭᠡᠨ ᠨᠢ 6 ᠲᠦᠷᠦᠯ ᠠᠷᠠᠯᠵᠢᠵᠠᠢ᠃ ᠵᠡᠬᠦᠨ ᠭᠡᠭᠡᠨ ᠨᠢ | ᠱᠠᠰᠢᠨ ᠤ ᠠᠵᠢᠯᠯᠠᠭ᠎ᠠ᠂ ᠯᠠᠮᠠ ᠨᠠᠷ ᠥᠨᠬᠠᠮᠢᠶᠠᠷᠤᠯᠳᠠ ᠵᠡᠷᠭᠡ ᠰᠦᠮ᠎ᠡ ᠶᠢᠨ ᠲᠤᠳᠤᠷᠠᠬᠢ ᠬᠠᠮᠢᠶᠠᠷᠤᠯᠳᠠ ᠶᠢ | ᠡᠷᠬᠢᠯᠡᠵᠦ᠂ ᠪᠠᠷᠠᠭᠤᠨ ᠭᠡᠭᠡᠨ ᠨᠢ ᠪᠠᠷᠢᠯᠭ᠎ᠠ ᠪᠠᠶᠢᠭᠤᠯᠤᠯᠳᠠ᠂ ᠵᠠᠰᠠᠭᠥᠨ ᠶᠠᠪᠤᠳᠠᠯ ᠤᠨ ᠶᠠᠪᠤᠯᠴᠠᠭ᠎ᠠ ᠶᠢ ᠡᠷᠬᠢᠯᠡᠳᠡᠭ | ᠪᠠᠶᠢᠵᠠᠢ᠃ ᠶᠢᠰᠦᠳᠦᠭᠡᠷ ᠳᠦᠷᠢ ᠶᠢᠨ ᠪᠠᠨᠴᠢᠨ ᠯᠤᠪᠰᠠᠩᠴᠤᠶᠢᠵᠢᠨᠢᠮᠠ ᠦᠪᠦᠷᠮᠤᠩᠭᠤᠯ ᠳᠤ ᠠᠵᠢᠯᠯᠠᠭ᠎ᠠ ᠬᠢᠬᠦ | ᠳᠤ ᠪᠠᠨ 1935 ᠤᠨ ᠳᠤ ᠬᠦᠨᠳᠡᠯᠡᠨ ᠰᠦᠮ᠎ᠡ ᠶᠢᠨ ᠵᠡᠬᠦᠨ ᠭᠡᠭᠡᠨ ᠤ ᠤᠷᠳᠤᠨ ᠳᠤ ᠰᠠᠭᠤᠵᠦᠦᠩᠭᠡᠷᠡᠭᠰᠡᠨ | ᠪᠠᠶᠢᠨ᠎ᠠ᠃ | ᠬᠦᠨᠳᠡᠯᠡᠨ ᠰᠦᠮ᠎ᠡ ᠨᠢ ᠵᠢᠯ ᠪᠤᠯᠭᠠᠨ ᠲᠤᠭᠳᠠᠮᠠᠯ ᠬᠤᠭᠤᠴᠠᠭᠠᠨ ᠳᠤ ᠡᠯ᠎ᠡ ᠵᠦᠢᠯ ᠤᠨ ᠨᠤᠮ ᠤᠨ | ᠬᠤᠷᠠᠯ ᠡᠷᠬᠢᠯᠡᠵᠦ᠂ᠲᠦᠮᠡᠨ ᠵᠤᠯᠠ ᠶᠢᠨ ᠬᠤᠷᠠᠯ᠂ ᠮᠠᠨᠢ ᠶᠢᠨ ᠬᠤᠷᠠᠯ ᠵᠡᠷᠭᠡ ᠠᠴᠠ ᠭᠠᠳᠠᠨ᠎ᠠ ᠬᠠᠰᠠᠷ ᠤᠨ ᠲᠠᠬᠢᠯᠭ᠎ᠠ᠂ | ᠤᠪᠤᠭᠠᠨ ᠲᠠᠬᠢᠯᠭ᠎ᠠ᠂ ᠭᠠᠯ ᠥᠨᠲ᠋ᠠᠬᠢᠯᠭᠠ ᠵᠡᠷᠭᠡ ᠶᠢ ᠬᠢᠳᠡᠭ ᠪᠠᠶᠢᠨ᠎ᠠ᠃ ᠮᠠᠨ ᠢ ᠢᠷᠡᠬᠦ ᠳᠤ ᠶᠠᠭ ᠰᠠᠶᠢᠬᠠᠨ ᠵᠢᠯ ᠳᠤ | ᠨᠢᠭᠡ ᠤᠳᠠᠭ᠎ᠠ ᠪᠤᠯᠳᠠᠭ ᠪᠠᠶᠠᠨ ᠨᠠᠮᠰᠠᠷᠠᠢ ᠵᠢᠨᠲ᠋ᠠᠬᠢᠯᠭᠠ ᠶᠢᠨ ᠬᠤᠷᠠᠯ ︵ᠪᠢᠯᠢᠭ ᠤᠨ ᠬᠤᠶᠠᠳᠤᠭᠠᠷ ᠰᠠᠷ᠎ᠠ ᠶᠢᠨ | ᠰᠢᠨ᠎ᠡ ᠶᠢᠨ ᠳᠦᠷᠪᠡᠨ︶ ᠪᠤᠯᠵᠦ ᠪᠠᠶᠢᠪᠠ᠃ ᠰᠢᠳᠦᠯᠭᠡᠳᠡᠨ ᠤᠯᠠᠨᠲ᠋ᠦ᠋ᠷᠪᠡᠨ ᠵᠦᠭ ᠨᠠᠢᠮᠠᠨ ᠵᠤᠪᠬᠢᠰ ᠠᠴᠠ | ᠬᠦᠷᠦᠯᠴᠨᠨ ᠢᠷᠡᠵᠦ᠂ ᠯᠠᠮᠠ ᠨᠠᠷ ᠰᠢᠳᠤᠷᠭᠤ ᠰᠡᠳᠬᠢᠯ ᠢᠶᠠᠷ ᠨᠤᠮ ᠤᠩᠰᠢᠨ᠂ ᠬᠦᠮᠦᠰ ᠪᠠᠶᠠᠨᠨᠠᠮᠰᠠᠷᠠᠢ ᠶᠢᠨ ᠬᠦᠷᠦᠭ | ᠵᠦᠭ ᠬᠠᠨᠳᠤᠨ ᠭᠤᠤᠯ ᠲᠢᠩᠬᠢᠮ ᠳᠤ ᠲᠦᠪ ᠬᠢᠴᠢᠶᠡᠩᠬᠦᠢ ᠰᠠᠭᠤᠭᠠᠳ ︽ᠳᠠᠯᠠᠯᠭ᠎ᠠ ᠶᠢᠨ ᠤᠭᠤᠳᠠ︾ | ᠪᠠᠷᠢᠵᠦᠵᠠᠯᠪᠠᠷᠢᠨ ᠲᠠᠭᠠᠳᠬᠠᠨ᠎ᠠ᠃ ᠲᠠᠷᠠᠭ᠎ᠠ ᠨᠢ ᠴᠤᠭᠴᠢᠨ ᠲᠤᠭᠠᠩ ᠢ ᠭᠤᠷᠪᠠ ᠡᠷᠬᠢᠵᠦ᠂ ᠡᠬᠦᠳᠡᠨ ᠳᠤ ᠨᠢ ᠢᠷᠡᠵᠦ | ᠯᠠᠮᠠ ᠨᠠᠷ ᠤᠨ ᠴᠠᠭᠠᠨᠢᠳᠡᠭᠡᠨ ᠢᠶᠠᠷ ᠮᠢᠯᠢᠶᠠᠬᠤ ᠶᠢ ᠬᠦᠯᠢᠶᠡᠭᠡᠳ᠂ ᠲᠤᠭᠠᠩ ᠳᠤ ᠤᠷᠤᠵᠦ ᠨᠤᠮ ᠰᠤᠨᠤᠰᠤᠨ᠎ᠠ᠃ | ᠬᠠᠮᠤᠭ ᠤᠨ ᠰᠡᠬᠦᠯ ᠳᠤ ᠨᠢ ᠤᠯᠠᠨ ᠵᠢᠠᠷᠵᠢᠠᠨ ᠡᠷᠬᠦᠴᠡ ᠪᠠᠷᠢᠴᠡ ᠶᠢᠨ ᠢᠳᠡᠭᠡᠨ ᠢ ᠬᠤᠪᠢᠶᠠᠯᠴᠠᠨ ᠢᠳᠡᠵᠡᠭᠡᠪᠡᠯ | ᠨᠤᠮ ᠤᠨ ᠬᠤᠷᠠᠯ ᠨᠢ ᠳᠡᠬᠦᠰᠤᠨᠡ᠃ | ᠬᠦᠨᠳᠡᠯᠡᠨ ᠰᠦᠮ᠎ᠡ ᠨᠢ ᠪᠤᠷᠬᠠᠨ ᠤ ᠨᠤᠮ ᠢ ᠲᠡᠯᠭᠡᠷᠡᠬᠦᠯᠦᠨ ᠮᠠᠨᠳᠤᠭᠤᠯᠵᠦ᠂ ᠨᠤᠮ ᠤᠨ ᠬᠤᠷᠠᠯ ᠡᠷᠬᠢᠯᠡᠬᠦ | ᠠᠴᠠ ᠭᠠᠳᠠᠨᠠᠰᠤᠷᠭᠠᠭᠤᠯᠢ᠂ ᠡᠮᠨᠡᠯᠭᠡ ᠶᠢᠨ ᠬᠤᠷᠢᠶ᠎ᠠ᠂ ᠤᠷᠠᠯᠢᠭ ᠤᠨ ᠦᠵᠡᠰᠬᠦᠯᠡᠩ ᠤᠨ ᠤᠷᠳᠤᠨ ᠤ ᠴᠢᠳᠠᠮᠵᠢ | ᠲᠠᠢ᠃ ᠬᠦᠨᠳᠡᠯᠡᠨ ᠰᠦᠮ᠎ᠡ ᠳ᠋ᠤ᠋ᠮᠤᠩᠭᠤᠯ᠂ ᠬᠢᠳᠠᠳ᠂ ᠲᠦᠪᠡᠳ᠂ ᠮᠠᠨᠵᠦ ᠬᠡᠯᠡᠨ ᠤ ᠨᠤᠮ ᠰᠤᠳᠤᠷ ᠢ ᠦᠯᠡᠮᠵᠢ | ᠤᠯᠠᠨ ᠬᠠᠳᠠᠭᠠᠯᠠᠵᠦ ᠪᠤᠢ᠃ ᠴᠢᠩ ᠤᠯᠤᠰ ᠥᠨᠰᠡᠬᠦᠯᠴᠢ ᠪᠠᠷ ᠬᠦᠨᠳᠡᠯᠡᠨ ᠰᠦᠮ᠎ᠡ ᠶᠢᠨ ᠲᠤᠶᠢᠨ ᠵᠢᠮᠪᠠᠳᠤᠷᠵᠢ | ᠪᠠᠷ ︽ᠪᠤᠯᠤᠷ ᠲᠤᠯᠢ︾ ᠶᠢ ᠲᠤᠭᠤᠷᠪᠢᠭᠰᠠᠨ ᠶᠤᠮ᠃ ᠡᠨᠡ ᠬᠦ ᠨᠤᠮᠪᠤᠯ ᠮᠤᠩᠭᠤᠯ ᠤᠨ ᠲᠡᠤᠬᠡ᠂ ᠰᠢᠷ᠎ᠠ ᠶᠢᠨ | ᠱᠠᠰᠢᠨ ᠤ ᠲᠡᠤᠬᠡ᠂ ᠬᠦᠨ ᠤᠬᠠᠭᠠᠨ ᠤ ᠦᠵᠡᠯ ᠰᠠᠨᠠᠭ᠎ᠠ᠂ ᠬᠦᠮᠦᠡᠯᠢᠭ ᠤᠨ ᠲᠡᠤᠬᠡ ᠵᠡᠷᠭᠡᠠᠭᠤᠯᠭᠠ ᠶᠢ | ᠬᠠᠮᠤᠷᠤᠭᠰᠠᠨ ᠰᠤᠷᠪᠤᠯᠵᠢᠰ᠂ ᠲᠤᠬᠠᠢ ᠶᠢᠨ ᠦᠶ᠎ᠡ ᠶᠢᠨ ᠮᠤᠩᠭᠤᠯ ᠤᠨ ᠨᠡᠶᠢᠭᠡᠮ᠂ ᠮᠤᠩᠭᠤᠯ ᠲᠦᠪᠡᠳ ᠤᠨ ᠲᠡᠤᠬᠡ᠂ | ᠮᠤᠩᠭᠤᠯ ᠮᠠᠨᠵᠦ ᠶᠢᠨ ᠲᠡᠤᠬᠡ ᠶᠢ ᠰᠤᠳᠤᠯᠬᠤ ᠴᠢᠬᠤᠯᠠ ᠮᠠᠲ᠋ᠧᠷᠢᠶᠠᠯ ᠪᠠᠶᠢᠵᠦ᠂ ᠵᠦᠪᠯᠡᠯᠳᠦ᠂ ᠭᠧᠷᠮᠠᠨ᠂ ᠳ᠋ᠧᠨ᠋ᠮᠠᠷᠺ ᠵᠡᠷᠭᠡ | ᠤᠯᠠᠨ ᠤᠯᠤᠰᠲ᠋ᠤ ᠤᠷᠴᠢᠭᠤᠯᠤᠭᠳᠠᠭᠰᠠᠨ ᠶᠤᠮ᠃ ᠬᠦᠨᠳᠡᠯᠡᠨ ᠰᠦᠮ᠎ᠡ ᠨᠢ ᠲᠤᠬᠠᠢ ᠶᠢᠨ ᠦᠶ᠎ᠡ ᠳᠤ ᠪᠠᠰᠠ | ᠡᠪᠡᠳᠴᠢᠨ ᠢ ᠤᠨᠤᠰᠢᠯᠠᠨ ᠵᠠᠰᠠᠬᠤᠪᠠᠶᠢᠭᠤᠯᠤᠮᠵᠢ ᠪᠠᠶᠢᠵᠦ᠂ ᠦᠶ᠎ᠡ ᠦᠶ᠎ᠡ ᠶᠢᠨ ᠲᠡᠤᠭᠡᠨ ᠳᠤ ᠪᠦᠷ ᠶᠢᠷᠲᠢᠨᠴᠦ ᠶᠢ | ᠠᠪᠤᠷᠠᠭᠴᠢ ᠨᠡᠷᠡᠲᠦ ᠡᠮᠴᠢ ᠨᠠᠷ ᠦᠷᠭᠡᠨ ᠤᠯᠠᠨ ᠳ᠋ᠤ᠋ᠡᠮ ᠡᠮᠨᠡᠯᠭᠡ ᠶᠢᠨ ᠠᠴᠢ ᠲᠤᠰᠠ ᠦᠭᠭᠦᠭᠰᠡᠭᠡᠷ ᠢᠷᠡᠵᠡᠢ᠃ | ᠬᠦᠨᠳᠡᠯᠡᠨ ᠰᠦᠮ᠎ᠡ ᠶᠢᠨ ᠤᠷᠠᠨ ᠨᠠᠷᠢᠨ ᠬᠠᠨᠠᠨ ᠵᠢᠷᠤᠭ ᠬᠢᠭᠡᠳ ᠲᠠᠩᠺᠠᠵᠢᠷᠤᠭ᠂ ᠠᠮᠢᠳᠤᠯᠢᠭ ᠰᠠᠶᠢᠬᠠᠨ ᠮᠤᠳᠤᠨ | ᠰᠡᠶᠢᠯᠦᠮᠡᠯ ᠰᠢᠪᠠᠷ ᠪᠠᠷᠢᠮᠠᠯ᠂ ᠭᠠᠶᠢᠬᠠᠮᠰᠢᠭ ᠳᠡᠬᠦᠰ ᠰᠦᠷᠯᠢᠭ ᠶᠡᠬᠡᠮᠰᠦᠭ ᠪᠠᠷᠢᠯᠭ᠎ᠠ ᠨᠢ ᠦᠨᠢᠡᠬᠦᠷᠢᠳᠡ ᠶᠢᠨ | ᠤᠷᠠᠯᠢᠭ ᠤᠨ ᠲᠠᠩᠰᠤᠭ ᠦᠵᠡᠬᠦᠯᠭᠡ ᠪᠤᠯᠤᠭᠰᠠᠨ ᠶᠤᠮ᠃ ᠬᠦᠨᠳᠡᠯᠡᠨ ᠰᠦᠮ᠎ᠡ ᠨᠢ ᠮᠦᠨ ᠴᠦ ᠲᠤᠬᠠᠢ ᠶᠢᠨ | ᠭᠠᠵᠠᠷᠥᠨ ᠢᠶᠠᠨ ᠡᠳ᠋ ᠪᠠᠷᠠᠭᠠᠨ ᠤ ᠬᠦᠢᠯᠭᠡᠭᠡ ᠰᠤᠯᠢᠯᠴᠠᠭᠠᠨ ᠤ ᠭᠠᠵᠠᠷ ᠶᠤᠮ᠂ ᠪᠠᠷᠠᠭᠤᠨ ᠭᠡᠭᠡᠨ ᠤ ᠤᠷᠳᠤᠨ ᠤ | ᠲᠤᠯᠭᠠᠭᠤᠷ ᠲᠡᠭᠡᠷᠡᠬᠤᠳᠠᠯᠳᠤᠭᠠᠴᠢᠳ ᠲᠠᠢ ᠠᠷᠠᠯᠵᠢᠶ᠎ᠠ ᠮᠠᠶᠢᠮᠠᠢ ᠬᠢᠵᠦ ᠪᠠᠶᠢᠭᠰᠠᠨ ᠲᠠᠩᠰᠠ ᠬᠠᠷ᠎ᠠ ᠬᠢᠭᠡᠳ | ᠭᠡᠷ᠎ᠡ ᠬᠡᠯᠡᠯᠴᠡᠭᠡᠷ ᠤᠨ ᠤᠷᠤ ᠮᠦᠷᠦᠯᠡᠳᠡᠭᠰᠡᠭᠡᠷ ᠪᠤᠢ᠃ ᠬᠦᠨᠳᠡᠯᠡᠨ ᠰᠦᠮ᠎ᠡ ᠨᠢ ᠪᠠᠷᠠᠭᠤᠨ ᠤᠷᠤᠨ ᠤ ᠴᠢᠬᠤᠯᠠ | ᠭᠠᠵᠠᠷ ᠲᠤ ᠪᠠᠶᠢᠷᠢᠯᠠᠵᠦ᠂ ᠦᠨᠳᠦᠰᠦᠳᠡᠨ ᠨᠤᠭᠦᠳᠥᠨ ᠪᠦᠯᠬᠦᠮᠳᠡᠯ ᠨᠢᠭᠲᠠᠷᠠᠯ᠂ ᠰᠤᠶᠤᠯ ᠠᠵᠦ ᠠᠬᠤᠢ ᠶᠢᠨ | ᠬᠦᠭᠵᠢᠯᠳᠡ ᠳᠤ ᠢᠳᠡᠪᠬᠢᠳᠡᠢ ᠦᠢᠯᠡᠳᠦᠯ ᠢᠶᠠᠨ ᠪᠠᠳᠠᠷᠠᠭᠤᠯᠤᠭᠰᠠᠭᠠᠷ ᠪᠠᠶᠢᠨ᠎ᠠ᠃ | | ᠬᠦᠨᠳᠡᠯᠡᠨ ᠰᠦᠮ᠎ᠡ ᠶᠢᠨ ᠡᠷᠬᠢᠯᠡᠭᠴᠢ ᠪᠠᠶᠠᠰᠬᠤᠯᠠᠩ ᠨᠤᠮ ᠤᠨ ᠬᠤᠷᠠᠯ ᠡᠷᠬᠢᠯᠡᠵᠦ ᠪᠤᠢ᠃ | | ᠬᠠᠳᠠᠭᠠᠯᠠᠭᠰᠠᠨ ᠨᠤᠮ ᠰᠤᠳᠤᠷ ᠤᠳ | | | | | ᠨᠤᠮ ᠤᠨ ᠬᠤᠷᠠᠯ ᠳᠤ ᠤᠷᠤᠯᠴᠠᠭᠰᠠᠨ ᠰᠢᠳᠦᠯᠭᠡᠳᠡᠳ | | ᠰᠦᠮ᠎ᠡ ᠪᠠᠶᠢᠭᠤᠯᠬᠤ ᠦᠶ᠎ᠡ ᠶᠢᠨ ᠬᠠᠨᠠᠨ ᠵᠢᠷᠤᠭ ︽ᠽᠦᠩᠺᠠᠪᠠ ᠶᠢᠨ ᠬᠦᠷᠦᠭ︾ ᠢᠡᠳᠦᠭᠡ ᠪᠤᠯᠳᠠᠯ᠎ᠠ ᠬᠠᠳᠠᠭᠠᠯᠠᠵᠠᠢ | | ᠨᠤᠮ ᠤᠨ ᠬᠤᠷᠠᠯ ᠠᠴᠠ ᠡᠮᠦᠨ᠎ᠡ ᠠᠷᠢᠬᠢ ᠴᠠᠢ ᠶᠢᠨ ᠢᠶᠠᠨ ᠲᠡᠭᠡᠵᠢ ᠶᠢ ᠡᠷᠬᠦᠨ᠎ᠡ | | ᠰᠦᠮ᠎ᠡ ᠲᠤᠳᠤᠷᠠᠬᠢ ᠨᠤᠭᠤᠭᠠᠨ ᠳ᠋ᠠᠷ᠎ᠠ ᠡᠬᠡ ᠶᠢᠨ ᠬᠦᠷᠦᠭ | | ᠪᠦᠷᠢᠶ᠎ᠡ ᠦᠯᠢᠶᠡᠭᠴᠢ ᠪᠠᠨᠳᠢ | | ᠬᠡᠩᠭᠡᠷᠭᠡ ᠲᠡᠯᠡᠳᠦᠭᠴᠢ ᠪᠠᠨᠳᠢ | | ᠬᠦᠨᠳᠡᠯᠡᠨ ᠵᠤᠤ ᠠᠴᠠ ᠡᠷᠳᠡ ᠪᠠᠶᠢᠭᠤᠯᠤᠭᠳᠠᠭᠰᠠᠨ ᠰᠢᠷ᠎ᠠ ᠲᠤᠭᠠᠩ | | ᠰᠢᠷ᠎ᠠ ᠲᠤᠭᠠᠩ ᠤᠨ ᠲᠤᠳᠤᠷᠠᠬᠢ ᠰᠦᠮᠪᠦᠷ ᠠᠭᠤᠯᠠ ᠪᠠ ᠲᠦᠷᠪᠡᠨ ᠮᠤᠲᠤᠷᠲᠤ ᠠᠷᠢᠶᠠᠪᠠᠯᠤ | | ᠰᠢᠲᠦᠯᠭᠡᠳᠡᠳ ᠰᠦᠮ᠎ᠡ ᠶᠢ ᠡᠷᠬᠢᠵᠦ ᠠᠵᠠ ᠬᠡᠶᠢᠮᠦᠷᠢ ᠪᠠᠨ ᠲᠠᠭᠠᠳᠬᠠᠨ᠎ᠠ | | ᠪᠤᠶᠠᠨ ᠴᠤᠭᠯᠠᠭᠤᠯᠵᠦ ᠪᠤᠴᠠᠵᠦ ᠢᠷᠡᠭᠰᠡᠨ ᠰᠢᠲᠦᠯᠭᠡᠳᠡᠳ ᠢ ᠴᠠᠭᠠᠨ ᠢᠳᠡᠭᠡᠨ ᠢᠶᠠᠷ ᠮᠢᠯᠢᠶᠠᠨ᠎ᠠ | | ᠰᠢᠲᠦᠯᠭᠡᠳᠡᠳ ᠲᠤ ᠡᠷᠬᠦᠴᠡ ᠶᠢᠨ ᠢᠳᠡᠭᠡᠨ ᠲᠦᠭᠡᠭᠡᠬᠦ ᠪᠠᠷ ᠪᠤᠢ | | ᠨᠤᠮ ᠤᠨ ᠬᠤᠷᠠᠯ ᠢ ᠵᠢᠷᠤᠭᠯᠠᠨ ᠦᠯᠡᠳᠡᠭᠡᠨ᠎ᠡ | | ᠪᠠᠶᠠᠨ ᠨᠠᠮᠰᠠᠷᠠᠢ ᠶᠢ ᠵᠢᠷᠤᠭᠯᠠᠭᠰᠠᠨ ᠲᠠᠩᠺᠠ ᠵᠢᠷᠤᠭ | | | | | | | |