ᠭᠤᠷᠪᠠ ᠶᠢᠨ ᠲᠤᠭᠠᠨ ᠤ ᠪᠡᠯᠭᠡᠳᠠᠯ
ᠨᠡᠶᠢᠲᠡᠯᠡᠭᠰᠡᠨ ᠴᠠᠭ᠄
2019/1/9
      ᠮᠤᠩᠭᠤᠯᠴᠤᠳ ᠤᠨ ᠥᠵᠠᠯ ᠤᠢᠢᠯᠠᠭᠠᠯᠳᠠ ᠳᠤ ᠭᠤᠷᠪᠠ ᠶᠢᠨ ᠲᠤᠭ᠎ᠠ ᠨᠢ ᠥᠪᠡᠷᠮᠢᠴᠠ ᠪᠠᠶᠢᠷᠢ ᠡᠵᠡᠯᠡᠳᠡᠭ᠃ ᠲᠡᠭᠡᠳᠤ ᠲᠤᠮᠳᠠᠳᠤ ᠲᠤᠤᠷᠠᠳᠤ ᠭᠤᠷᠪᠠᠨ ᠶᠢᠷᠳᠢᠨᠴᠤ᠂ ᠥᠡᠭᠭᠡᠷᠡᠭᠰᠡᠨ ᠤᠳᠤ ᠢᠷᠡᠭᠡᠳᠤᠢ ᠭᠤᠷᠪᠠᠨ ᠴᠠᠭ᠂ ᠲᠥᠷᠥᠭᠦ ᠡᠪᠠᠳᠴᠢᠯᠡᠭᠦ ᠥᠭᠦᠭᠦ ᠭᠤᠷᠪᠠᠨ ᠵᠤᠪᠠᠯᠠᠩ᠂ ᠤᠶᠤᠨ ᠶᠠᠰᠤᠨ ᠮᠢᠬᠠᠨ ᠭᠤᠷᠪᠠᠨ ᠰᠥᠨᠠᠰᠤ᠂ ᠪᠤᠷᠬᠠᠨ ᠨᠤᠮ ᠬᠤᠸᠠᠷᠠᠭ ᠭᠤᠷᠪᠠᠨ ᠡᠷᠳᠠᠨᠢ ᠭᠡᠭᠦ ᠮᠠᠳᠤ ᠤᠷᠴᠢᠯᠠᠩ ᠶᠢᠷᠳᠢᠨᠴᠤ ᠶᠢᠨ ᠤᠷᠴᠢᠯ᠂ ᠭᠥᠮᠥᠨ ᠠᠮᠢᠳᠠᠨ ᠤ ᠤᠴᠠᠷᠠᠯ᠂ ᠰᠢᠳᠥᠯᠭᠡ ᠪᠢᠰᠢᠷᠠᠯ ᠤᠨ ᠥᠢᠯᠠᠭᠠᠯᠳᠠ ᠠᠴᠠ ᠭᠠᠳᠠᠨ᠎ᠠ᠂ ᠤᠭᠰᠠᠭ᠎ᠠ ᠲᠥᠷᠥᠯ ᠤᠨ ᠭᠤᠷᠪᠠᠨ ᠥᠶ᠎ᠠ᠂ ᠭᠤᠷᠪᠠᠯᠠᠭᠰᠠᠨ ᠮᠥᠷᠳᠥ ᠶᠢᠷᠳᠢᠨᠴᠤ ᠶᠢᠨ ᠭᠤᠷᠪᠠ᠂ ᠠᠮᠠᠨ ᠤ ᠭᠤᠷᠪᠠᠨ ᠥᠭᠡ᠂ ᠠᠮᠢᠠ ᠤ ᠭᠤᠷᠪᠠᠨ ᠭᠤᠮᠤᠳᠠᠯ᠂ ᠠᠴᠢ ᠶᠢᠨ ᠭᠤᠷᠪᠠᠨ ᠲᠤᠰᠠ᠂ ᠠᠯᠳᠠᠯ ᠤᠨ ᠭᠤᠷᠪᠠᠨ ᠤᠰᠤᠯ᠂ ᠡᠷ᠎ᠠ ᠶᠢᠨ ᠭᠤᠷᠪᠠᠨ ᠮᠥᠷᠥᠢ᠂ ᠠᠭᠳᠠ ᠶᠢᠨ ᠭᠤᠷᠪᠠᠨ ᠰᠢᠨᠵᠢ ᠂ ᠡᠷ᠎ᠠ ᠶᠢᠨ ᠭᠤᠷᠪᠠᠨ ᠨᠠᠭᠠᠳᠤᠮ᠂ ᠨᠠᠶᠢᠷ ᠤᠨ ᠭᠤᠷᠪᠠᠨ ᠲᠠᠭᠤᠤ᠂ ᠨᠠᠩᠵᠢᠳ ᠭᠤᠷᠪᠠᠨ ᠭᠡᠮ᠂ ᠲᠤᠯᠭ᠎ᠠ ᠶᠢᠨ ᠭᠤᠷᠪᠠᠨ ᠤᠴᠤᠭ᠂ ᠴᠢᠳᠤᠷ ᠤᠨ ᠭᠤᠷᠪᠠᠨ ᠠᠯᠠᠭ᠎ᠠ ᠭᠡᠭᠦ ᠮᠠᠳᠤ ᠤᠶᠤᠨ ᠰᠠᠨᠠᠭᠠᠨ ᠤ ᠪᠠ ᠪᠤᠳᠠᠰ ᠤᠨ ᠠᠮᠢᠳᠤᠷᠠᠯ ᠳᠤ ᠭᠤᠷᠪᠠ ᠶᠢᠨ ᠲᠤᠭ᠎ᠠ ᠨᠢ ᠶᠠᠩᠵᠤ ᠪᠥᠷᠢ ᠶᠢᠨ ᠪᠡᠯᠭᠡᠳᠠᠯ ᠤᠳᠬ᠎ᠠ ᠶᠢ ᠢᠯᠠᠳᠭᠡᠳᠡᠭ ᠪᠠᠶᠢᠨ᠎ᠠ᠃ ᠮᠥᠨ ᠮᠤᠩᠭᠤᠯ ᠲᠤᠤᠯᠢ ᠶᠢᠨ ᠪᠠᠭᠠᠳᠤᠷ ᠨᠢ ᠶᠠᠷᠤ ᠪᠤᠰᠤ ᠪᠠᠷ ᠮᠠᠨᠳᠤᠯᠠᠵᠤ᠂ ᠭᠤᠷᠪᠠ ᠬᠤᠨᠤᠭᠠᠳ ᠭᠤᠨᠠᠨ ᠥᠭᠡᠷ ᠤᠨ ᠴᠢᠳᠠᠯ ᠤᠷᠤᠬᠤ᠂ ᠭᠤᠷᠪᠠᠨ ᠨᠠᠰᠤᠨ ᠳᠤ ᠪᠠᠨ ᠡᠷ᠎ᠠ ᠶᠢᠨ ᠵᠠᠷᠭᠡ ᠳᠤ ᠭᠥᠷᠴᠤ᠂ ᠲᠠᠭᠤᠳᠤ ᠨᠠᠷ᠎ᠠ ᠪᠠᠨ ᠮᠠᠨᠳᠤᠭᠤᠯᠬᠤ ᠵᠠᠷᠭᠡ ᠪᠠᠷ ᠲᠥᠷᠰᠥᠯᠡᠳᠡᠭ᠃ ᠮᠤᠩᠭᠤᠯᠴᠤᠳ ᠤᠨ ᠮᠠᠯ ᠠᠵᠤ ᠠᠬᠤᠢ ᠶᠢᠨ ᠵᠠᠩ ᠥᠢᠯᠨ ᠳᠤ᠂ ᠪᠤᠳᠤᠭᠤᠯᠠᠬᠤ ᠨᠠᠰᠤᠨ ᠳᠤ ᠪᠠᠨ ᠭᠤᠷᠪᠠᠨ ᠵᠢᠯ ᠪᠤᠳᠤᠭᠤᠯᠠᠭᠰᠠᠨ ᠥᠭᠡᠢ ᠢᠡᠭᠭᠡ ᠳᠤ ᠭᠤᠷᠪᠠᠨ ᠠᠴᠠ ᠲᠠᠢ ᠪᠤᠶᠢᠯᠠ ᠭᠢᠵᠥ᠂ ᠬᠠᠳᠠᠭ ᠤᠶᠠᠳᠠᠭ ᠵᠠᠩᠰᠢᠯ ᠲᠠᠢ᠃ ᠬᠤᠷᠳᠤᠨ ᠮᠤᠷᠢᠨ ᠤ ᠰᠢᠨᠵᠢᠯᠡᠭᠡ ᠶᠢ ᠭᠠᠳᠠᠷ᠂ ᠲᠤᠳᠤᠷ᠂ ᠨᠢᠭᠤᠴᠠ ᠭᠤᠷᠪᠠᠨ ᠰᠢᠨᠵᠢᠯᠡᠭᠡ ᠭᠡᠵᠥ ᠬᠤᠪᠢᠶᠠᠬᠤ︔ ᠲᠤᠯᠤᠭᠠᠢ᠂ ᠠᠮᠠᠨ ᠭᠥᠵᠥᠭᠦᠥ᠂ ᠭᠥᠵᠥᠭᠦᠥ ᠶᠢ ᠲᠠᠳᠠᠬᠤ ᠭᠤᠷᠪᠠᠨ ᠭᠥᠴᠥ ᠭᠡᠭᠦ︔ ᠰᠠᠷᠪᠡᠭᠡ᠂ ᠨᠢᠷᠤᠭᠤ᠂ ᠬᠠᠷᠭᠠᠮ ᠢ ᠬᠢᠨᠠᠬᠤ ᠭᠤᠷᠪᠠᠨ ᠨᠢᠷᠤᠭᠤ ᠭᠡᠭᠦ︔ ᠬᠤᠶᠠᠷ ᠴᠢᠭᠢᠨ ᠤ ᠬᠤᠭᠤᠷᠤᠨᠳᠤᠭᠢ ᠤᠪᠤᠭ᠎ᠠ ᠶᠠᠰᠤ᠂ ᠰᠠᠷᠪᠡᠭᠡ᠂ ᠤᠯᠠᠨ ᠶᠠᠰᠤᠨ ᠤ ᠠᠭᠤᠯᠵᠠᠷ ᠢ ᠲᠡᠭᠡᠳᠤ ᠭᠤᠷᠪᠠᠨ ᠤᠪᠤᠭ᠎ᠠ ᠭᠡᠭᠦ︔ ᠮᠥᠨ ᠨᠢᠳᠤᠨ ᠤ ᠭᠤᠷᠪᠠᠨ ᠰᠢᠨᠵᠢ᠂ ᠡᠪᠴᠢᠭᠦᠥ ᠶᠢᠨ ᠭᠤᠷᠪᠠᠨ ᠰᠢᠨᠵᠢ᠂ ᠥᠰᠥᠨ ᠤ ᠭᠤᠷᠪᠠᠨ ᠰᠢᠨᠵᠢ᠂ ᠮᠥᠷ ᠤᠨ ᠭᠤᠷᠪᠠᠨ ᠰᠢᠨᠵᠢ᠂ ᠰᠡᠭᠦᠯ ᠤᠨ ᠭᠤᠷᠪᠠᠨ ᠰᠢᠨᠵᠢ᠂ ᠢᠳᠡᠰᠢ ᠶᠢᠨ ᠭᠤᠷᠪᠠᠨ ᠰᠢᠨᠵᠢ᠂ ᠲᠠᠭᠤᠨ ᠤ ᠭᠤᠷᠪᠠᠨ ᠰᠢᠨᠵᠢ ᠭᠡᠭᠦ ᠮᠠᠳᠤ ᠪᠠᠷ ᠰᠢᠨᠵᠢᠳᠡᠭ ᠪᠠᠶᠢᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号