ᠪᠤᠭᠤᠳᠤ ᠶᠢᠨ ᠴᠡᠩᠬᠡᠯ ᠤᠨ ᠤᠷᠳᠤᠨ ᠤ ᠲᠦᠬᠦᠮ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2019/10/14
       ᠪᠤᠭᠤᠳᠤ ᠬᠤᠳᠠ ᠶᠢᠨ ᠴᠡᠩᠬᠡᠯ ᠤᠨ ᠤᠷᠳᠤᠨ ᠢ ᠪᠤᠭᠤᠳᠤ ᠬᠤᠳᠠ ᠶᠢᠨ ᠪᠡᠯᠡ ᠤᠷᠤᠭᠤᠯᠬᠤ ᠬᠦᠭᠵᠢᠯᠳᠠ ᠶᠢᠨ ᠺᠤᠮᠫᠠᠨᠢ᠂ ᠪᠡᠬᠡᠵᠢᠩ ᠤᠨ ᠶᠠᠩ ᠭᠤᠸᠠᠩ ᠹᠦ᠋ ᠷᠦᠨ ᠪᠡᠯᠡ ᠤᠷᠤᠭᠤᠯᠬᠤ ᠪᠦᠯᠦᠭᠯᠡᠯ ᠬᠠᠮᠳᠤᠷᠠᠨ 5.6 ᠳ᠋ᠦᠩᠰᠢᠭᠤᠷ ᠲᠦᠬᠦᠷᠢᠭ ᠤᠨ ᠪᠡᠯᠡ ᠤᠷᠤᠭᠤᠯᠵᠤ ᠪᠦᠳᠦᠬᠡᠨ ᠪᠠᠶᠢᠭᠤᠯᠤᠬᠰᠠᠨ ᠶᠤᠮ᠃ ᠴᠡᠩᠬᠡᠯ ᠤᠨ ᠤᠷᠳᠤᠨ ᠨᠢ ᠪᠤᠭᠤᠳᠤ ᠬᠤᠳᠠ ᠶᠢᠨ ᠬᠦᠨᠳᠡᠯᠡᠨ ᠲᠤᠭᠤᠷᠢᠭ ᠲᠤ ᠪᠠᠶᠢᠷᠢᠯᠠᠵᠤ᠂ ᠡᠵᠡᠯᠡᠬᠦ ᠲᠠᠯᠠᠪᠠᠢ ᠨᠢ 41.41 ᠲᠦᠮᠡᠨ ᠲᠡᠭᠰᠢ ᠲᠦᠷᠪᠡᠯᠵᠢᠨ ᠮᠧᠲᠷ᠃ ᠪᠤᠭᠤᠳᠤ ᠬᠤᠳᠠ ᠶᠢᠨ ᠴᠡᠩᠬᠡᠯ ᠤᠨ ᠤᠷᠳᠤᠨ ᠨᠢ ᠲᠡᠯᠡᠬᠡᠢ ᠶᠢᠨ ᠨᠡᠷᠡᠳᠤ ᠭᠤᠤᠯ ᠰᠡᠳᠦᠪᠳᠤ ᠴᠡᠩᠬᠡᠯ ᠤᠨ ᠤᠷᠳᠤᠨ ᠤ ᠵᠢᠷᠤᠵᠤ ᠲᠦᠯᠦᠪᠯᠡᠬᠦ ᠤᠢᠢᠯᠠᠭᠠᠬᠳᠠᠬᠤᠨ ᠢᠶᠠᠷ ᠲᠤᠯᠢ ᠪᠤᠯᠭᠠᠵᠤ᠂ ᠪᠤᠭᠤᠳᠤ ᠬᠤᠳᠠ ᠶᠢᠨ ᠵᠤᠭ᠎ᠠ ᠴᠡᠩᠬᠡᠯ ᠤᠨ ᠵᠠᠬ᠎ᠠ ᠲᠡᠯᠬᠡᠬᠦᠷ ᠤᠨ ᠪᠤᠳᠠᠳᠠᠢ ᠪᠠᠶᠢᠳᠠᠯᠯᠤᠭ᠎ᠠ ᠠᠭᠤᠰᠤᠯᠴᠠᠭᠤᠯᠵᠤ᠂ ︽ᠡᠶ᠎ᠡ ᠵᠤᠬᠢᠴᠠᠩᠭᠤᠢ ᠨᠡᠶᠢᠬᠡᠮ ᠢ ᠪᠠᠶᠢᠭᠤᠯᠵᠤ᠂ ᠪᠠᠶᠠᠷ ᠪᠠᠭ᠋ᠠᠳᠤᠯᠳᠤ ᠴᠠᠬ ᠦᠶ᠎ᠠ ᠶᠢ ᠴᠤᠬᠴᠠᠯᠠᠬᠤ︾ ᠤᠢᠢᠯᠠᠭᠠᠬᠳᠠᠬᠤᠨ ᠢ ᠵᠠᠯᠭᠠᠮᠵᠢᠯᠠᠵᠤ᠂ ᠨᠠᠷᠢᠨ ᠨᠢᠮᠪᠡᠢ ᠪᠦᠳᠦᠬᠡᠨ ᠪᠠᠶᠢᠭᠤᠯᠤᠬᠰᠠᠨ ᠦᠪᠦᠷ ᠮᠤᠩᠭᠤᠯ ᠭᠠᠵᠠᠷ ᠤᠷᠤᠨ ᠤ ᠠᠩᠬᠠᠳᠠᠬᠴᠢ ᠭᠤᠤᠯ ᠰᠡᠳᠦᠪᠳᠤ ᠵᠤᠭ᠎ᠠ ᠴᠠᠩᠬᠡᠯ ᠰᠡᠯᠡᠬᠦᠴᠡᠯ ᠤᠨ ᠵᠠᠬᠡᠯᠢ ᠲᠤᠭᠤᠷᠢᠭ ᠪᠤᠯᠤᠨ᠎ᠠ᠃ ᠦᠷᠦᠬᠡᠨ ᠲᠤᠳᠤᠷᠠᠬᠢ ᠵᠤᠭ᠎ᠠ ᠴᠠᠩᠬᠡᠯ᠂ ᠬᠡᠷ ᠤᠨ ᠭᠠᠳᠠᠨᠠᠬᠢ ᠵᠢᠭᠤᠯᠴᠢᠯᠠᠯ᠂ ᠰᠤᠶᠤᠯ ᠤᠨ ᠵᠤᠭ᠎ᠠ ᠴᠠᠩᠬᠡᠯ᠂ ᠰᠤᠶᠤᠯ ᠪᠡᠶ᠎ᠠ ᠶᠢᠨ ᠲᠠᠮᠢᠷ ᠤᠨ ᠵᠤᠭ᠎ᠠ ᠴᠠᠩᠬᠡᠯ᠂ ᠰᠢᠨᠵᠢᠯᠡᠬᠦ ᠤᠬᠠᠭᠠᠨ ᠢ ᠲᠦᠬᠡᠮᠡᠯᠵᠢᠬᠦᠯᠬᠦ ᠰᠤᠷᠭᠠᠨ ᠬᠦᠮᠦᠵᠢᠯ ᠴᠡᠴᠡᠷᠯᠢᠭ ᠤᠨ ᠦᠵᠡᠮᠵᠢ ᠪᠤᠯᠤᠨ ᠶᠡᠷᠦᠩᠬᠡᠶᠢᠯᠡᠭᠰᠡᠨ ᠦᠢᠯᠡᠴᠢᠯᠡᠭᠡ ᠶᠢ ᠨᠢᠬᠡ ᠴᠤᠬᠴᠠᠵᠢᠭᠤᠯᠤᠬᠰᠠᠨ᠂ ᠡᠳᠦᠷ᠂ ᠰᠦᠨᠢ ᠶᠢᠨ ᠵᠤᠭ᠎ᠠ ᠴᠡᠩᠬᠡᠯ ᠢᠶᠠᠷ ᠤᠨᠴᠠᠯᠢᠭ ᠢᠶᠠᠷ ᠪᠤᠯᠭᠠᠬᠰᠠᠨ ᠲᠤᠮᠤ ᠬᠡᠯᠪᠡᠷᠢ ᠶᠢᠨ ᠤᠳᠤ ᠦᠶ᠎ᠠ ᠶᠢᠨ ᠭᠤᠤᠯ ᠰᠡᠳᠦᠪᠳᠤ ᠵᠤᠭ᠎ᠠ ᠴᠠᠩᠬᠡᠯ ᠤᠨ ᠤᠷᠳᠤᠨ ᠪᠠᠶᠢᠵᠤ᠂ ᠬᠦᠮᠦᠰ ᠤᠨ ᠵᠤᠭᠠᠨ ᠰᠡᠯᠡᠬᠦᠴᠡᠬᠦ᠂ ᠨᠠᠭᠠᠳᠤᠨ ᠴᠡᠩᠬᠡᠬᠦ ᠬᠠᠮᠤᠭ ᠤᠨ ᠲᠤᠬᠢᠷᠠᠮᠵᠢᠳᠠᠢ ᠵᠢᠭᠤᠯᠴᠢᠯᠠᠯ ᠤᠨ ᠲᠠᠯᠠᠪᠤᠷ ᠪᠤᠯᠤᠬᠰᠠᠨ ᠪᠠᠶᠢᠨ᠎ᠠ᠃     ᠪᠤᠭᠤᠳᠤ ᠶᠢᠨ ᠴᠠᠩᠬᠡᠯ ᠤᠨ ᠤᠷᠳᠤᠨ ᠨᠢ ᠤᠯᠤᠰ ᠤᠨ ᠲᠤᠳᠤᠭᠠᠳᠤ ᠶᠢᠨ ᠲᠡᠷᠢᠬᠦᠨ ᠤ ᠬᠡᠬᠡᠨᠴᠢᠷ ᠵᠤᠭ᠎ᠠ ᠴᠡᠩᠬᠡᠯ ᠤᠨ ᠲᠤᠨᠤᠭ ᠲᠦᠬᠦᠬᠡᠷᠦᠮᠵᠢ 30 ᠭᠠᠷᠤᠢ ᠵᠦᠢᠯ ᠢ ᠨᠠᠶᠢᠳᠬᠡᠵᠤ᠂ ᠨᠠᠷᠠᠨ ᠬᠤᠳᠠ ᠠᠭᠤᠳᠠᠮ ᠲᠡᠯᠠᠪᠠᠢ᠂ ᠲᠤᠮᠤᠬᠳᠤ ᠸᠠᠩᠳᠤ ᠤᠯᠤᠰ᠂ ᠵᠦᠷ ᠤᠨ ᠭᠠᠯᠪᠠ ᠶᠢᠨ ᠦᠵᠡᠭᠳᠡᠯ᠂ ᠪᠡᠯᠡᠷ ᠡᠷᠳᠡᠨ ᠤ ᠠᠶᠢᠮᠠᠭ᠂ ᠠᠷᠢᠭ ᠤᠨ ᠬᠦᠨᠳᠡᠢ ᠂ ᠭᠠᠶᠢᠬᠠᠮᠰᠢᠬᠳᠤ ᠤᠷᠳᠤᠨ᠂ ᠤᠰᠤᠨ ᠶᠢᠷᠳᠢᠨᠴᠤ᠂ ᠬᠠᠷᠢ ᠨᠤᠳᠤᠭ ᠤᠨ ᠦᠩᠬᠡ ᠦᠵᠡᠮᠵᠢ ᠶᠢᠨ ᠬᠡᠷ ᠤᠨ ᠭᠠᠳᠠᠨᠠᠬᠢ ᠨᠠᠢᠮᠠᠨ ᠶᠡᠭᠡ ᠭᠤᠤᠯ ᠰᠡᠳᠦᠪᠳᠤ ᠤᠷᠳᠤᠨ ᠵᠢᠴᠢ ᠹᠠᠩ ᠲᠧ ᠴᠡᠩᠬᠡᠯ ᠤᠨ ᠤᠷᠳᠤᠨ᠂ ᠪᠠᠶᠠᠷ ᠪᠠᠭ᠋ᠠᠳᠤᠯᠳᠤ ᠵᠡᠬᠡᠯᠢ᠂ ᠨᠠᠷᠨᠨ ᠬᠤᠳᠠ᠂ ᠪᠡᠶ᠎ᠠ ᠴᠢᠬᠢᠷᠡᠬᠵᠢᠭᠤᠯᠬᠤ ᠲᠦᠪ᠂ ᠰᠦᠨᠢ ᠦᠬᠡᠢ ᠬᠤᠳᠠ᠂ ᠵᠤᠭ᠎ᠠ ᠰᠡᠯᠡᠬᠦᠴᠡᠯ ᠤᠨ ᠵᠡᠬᠡᠯᠢ᠂ ᠤᠨᠴᠠᠯᠢᠬᠳᠤ ᠢᠳᠡᠬᠡᠨ ᠤᠮᠳᠠᠭᠠᠨ᠂ ᠵᠢᠭᠤᠯᠴᠢᠯᠠᠯ ᠤᠨ ᠲᠤᠷᠠᠰᠬᠠᠯ ᠤᠨ ᠡᠳ᠋ ᠵᠡᠷᠬᠡ ᠦᠷᠦᠬᠡᠨ ᠤ ᠲᠤᠳᠤᠷᠠᠬᠢ ᠨᠡᠢᠮᠠᠨ ᠶᠡᠭᠡ ᠬᠡᠰᠡᠭ ᠢ ᠨᠢᠬᠡ ᠴᠤᠬᠴᠠᠵᠢᠭᠤᠯᠵᠤ᠂ ᠲᠡᠬᠦᠨ ᠤ ᠪᠦᠷᠢᠨ ᠰᠠᠶᠢᠬᠠᠨ ᠵᠢᠷᠤᠵᠤ ᠲᠦᠰᠦᠪᠯᠡᠭᠰᠡᠨ ᠪᠠ ᠪᠠᠶᠠᠯᠢᠭ ᠠᠭᠤᠯᠭ᠎ᠠ᠂ ᠬᠡᠬᠡᠨᠴᠢᠷ ᠡᠷᠬᠢᠮᠰᠦᠭ ᠢᠶᠠᠷ ᠢᠶᠠᠨ ᠨᠢᠬᠡᠨ ᠵᠡᠬᠦᠳᠤ ᠵᠡᠷᠬᠡᠯᠬᠡᠨᠳᠤ ᠪᠠᠶᠠᠷ ᠪᠠᠭ᠋ᠠᠳᠤᠯᠳᠤ ᠲᠤᠮᠤ ᠴᠡᠩᠬᠡᠯ ᠤᠨ ᠤᠷᠳᠤᠨ ᠢ ᠪᠠᠶᠢᠭᠤᠯᠤᠬᠰᠠᠨ ᠪᠠᠶᠢᠨ᠎ᠠ᠃     ᠴᠡᠩᠬᠡᠯ ᠤᠨ ᠤᠷᠳᠤᠨ ᠳᠤ ᠪᠠᠶᠠᠯᠢᠭ ᠠᠭᠤᠯᠭ᠎ᠠ ᠪᠦᠬᠦᠢ ᠲᠤᠭᠯᠠᠭᠠᠮ ᠤᠨ ᠲᠦᠷᠦᠯ ᠵᠦᠢᠯ ᠪᠠᠶᠢᠨ᠎ᠠ᠄ ᠤᠯᠤᠰ ᠤᠨ ᠲᠤᠳᠤᠭᠠᠳᠤ ᠶᠢᠨ ᠲᠡᠷᠢᠬᠦᠨ ᠤ ᠲᠤᠬᠯᠠᠭᠠᠮ ᠤᠨ ᠲᠤᠨᠤᠭ ᠲᠦᠬᠦᠬᠡᠷᠦᠮᠵᠢ᠂ ᠲᠡᠬᠡᠳᠤ ᠰᠢᠨ᠎ᠠ ᠮᠡᠷᠬᠡᠵᠢᠯ ᠤᠨ ᠲᠠᠭᠤ᠂ ᠬᠡᠷᠡᠯ᠂ ᠴᠡᠬᠢᠯᠭᠠᠨ ᠢ ᠤᠶᠠᠯᠳᠤᠭᠤᠯᠤᠬᠰᠠᠨ ᠠᠪᠤᠷᠭᠤ ᠬᠦᠷᠪᠡᠯ ᠤᠨ ᠰᠢᠨᠵᠢᠯᠡᠬᠦ ᠤᠬᠠᠭᠠᠨ ᠢ ᠲᠦᠬᠡᠮᠡᠯᠵᠢᠬᠦᠯᠬᠦ ᠦᠵᠡᠬᠦᠯᠬᠡ᠂ ᠬᠠᠷᠢ ᠤᠯᠤᠰ ᠤᠨ ᠰᠤᠶᠤᠯ ᠢᠷᠬᠡᠨᠰᠢᠯ ᠢ ᠬᠠᠷᠠᠭᠤᠯᠤᠬᠰᠠᠨ ᠭᠤᠶᠢᠳᠠ ᠰᠠᠶᠢᠬᠠᠨ ᠤᠷᠠᠨ ᠰᠠᠶᠢᠬᠠᠨ ᠤ ᠲᠤᠬᠯᠠᠯᠳᠠ᠂ ᠬᠠᠷᠠᠭᠠᠨ ᠰᠡᠷᠡᠯ᠂ ᠰᠤᠨᠤᠷ᠂ ᠬᠦᠷᠦᠯᠴᠡᠬᠦ ᠰᠡᠷᠡᠯ ᠢ ᠨᠢᠬᠡ ᠴᠤᠬᠴᠠᠵᠢᠭᠤᠯᠤᠬᠰᠠᠨ ᠲᠡᠬᠡᠳᠤ ᠰᠢᠨ᠎ᠠ ᠮᠡᠷᠬᠡᠵᠢᠯ ᠤᠨ 4D ᠺᠢᠨᠣ᠋ ᠤᠷᠳᠤᠨ᠂ ᠬᠡᠦᠬᠡᠳ ᠤᠨ ᠴᠡᠩᠬᠡᠯ ᠤᠨ ᠤᠷᠳᠤᠨ᠂ ᠬᠠᠮᠤᠭ ᠤᠨ ᠦᠵᠡᠮᠵᠢᠳᠤ ᠰᠠᠶᠢᠬᠠᠨ ᠬᠤᠳᠠ ᠶᠢᠨ ᠦᠵᠡᠮᠵᠢ ᠶᠢ ᠭᠠᠶᠢᠬᠠᠭᠤᠯᠤᠬᠰᠠᠨ ︽ᠰᠦᠨᠢ ᠦᠬᠡᠢ ᠬᠤᠳᠠ︾᠂ ᠴᠡᠩᠬᠡᠯ ᠤᠨ ᠤᠷᠳᠤᠨ ᠳᠤ ᠪᠠᠰᠠ 3 ᠵᠤᠭ᠎ᠠ ᠰᠠᠯᠡᠬᠦᠴᠡᠯ ᠤᠨ ᠠᠷᠠᠯ ᠪᠠᠶᠢᠵᠤ ᠵᠢᠭᠤᠯᠴᠢᠯᠠᠬᠰᠠᠳ ᠲᠤ ᠢᠳᠡᠬᠡᠨ ᠤᠮᠳᠠᠭᠠᠨ ᠤ ᠬᠡᠷᠡᠭᠯᠡᠭᠡ ᠶᠢ ᠬᠠᠩᠭᠠᠵᠤ ᠪᠤᠢ ᠁    ᠪᠤᠭᠤᠳᠤ ᠶᠢᠨ ᠴᠡᠩᠬᠡᠯ ᠤᠨ ᠤᠷᠳᠤᠨ ᠨᠢ ᠲᠡᠷᠢᠬᠡᠨ ᠵᠡᠷᠬᠡ ᠶᠢᠨ ᠤᠢᠢᠯᠠᠭᠠᠬᠳᠠᠬᠤᠨ᠂ ᠲᠡᠷᠢᠬᠦᠨ ᠵᠡᠷᠬᠡ ᠶᠢᠨ ᠲᠤᠨᠤᠭ ᠲᠦᠬᠦᠬᠡᠷᠦᠮᠵᠢ᠂ ᠲᠡᠷᠢᠬᠦᠨ ᠵᠡᠷᠬᠡ ᠶᠢᠨ ᠦᠢᠯᠡᠴᠢᠯᠡᠭᠡ᠂ ᠲᠡᠷᠢᠬᠦᠨ ᠵᠡᠷᠬᠡ ᠶᠢᠨ ᠤᠷᠴᠢᠨ ᠲᠤᠭᠤᠷᠢᠨ ᠢᠶᠠᠷ ᠬᠦᠮᠦᠰ ᠲᠤ ᠨᠢᠬᠡ ᠵᠦᠢᠯ ᠤᠨ ᠴᠣ᠋ ᠰᠢᠨ᠎ᠠ ᠵᠤᠭ᠎ᠠ ᠴᠡᠩᠬᠡᠯ ᠢ ᠬᠦᠷᠳᠡᠬᠡᠬᠦ ᠪᠤᠯᠤᠨ᠎ᠠ︕ ᠠᠳᠡᠬᠢ ᠡᠳᠦᠷ ᠭᠤᠶᠢᠳᠠ ᠰᠠᠶᠢᠬᠠᠨ᠂ ᠠᠳᠡᠬᠢ ᠰᠦᠨᠢ ᠨᠡᠩ ᠴᠤ ᠬᠡᠬᠡᠨᠴᠢᠷ ᠭᠤᠶᠤ᠂ ᠴᠣ᠋ ᠰᠢᠨ᠎ᠠ ᠵᠡᠬᠦᠳᠤ ᠵᠡᠷᠬᠡᠯᠬᠡᠨᠳᠤ ᠵᠤᠭ᠎ᠠ ᠴᠡᠩᠬᠡᠯ ᠤᠨ ᠶᠢᠷᠳᠢᠨᠴᠤ ᠶᠢ ᠪᠤᠭᠤᠳᠤ ᠶᠢᠨ ᠴᠡᠩᠬᠡᠯ ᠤᠨ ᠤᠷᠳᠤᠨ ᠠᠴᠠ ᠪᠠᠶᠠᠳᠠᠨ ᠤᠢᠢᠯᠠᠭᠠᠵᠤ ᠪᠤᠯᠤᠨ᠎ᠠ᠃
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号