ᠤᠷᠤᠯᠳᠤᠭᠠᠨ ᠤ ᠲᠠᠮᠡᠭᠡᠨ ᠤ ᠤᠶᠠᠭ᠎ᠠ ᠰᠤᠷᠢᠯᠳᠠ
ᠨᠡᠶᠢᠲᠡᠯᠡᠭᠰᠡᠨ ᠴᠠᠭ᠄
2019/11/25
        ᠤᠷᠤᠯᠳᠤᠭᠠᠨ ᠤ ᠲᠠᠮᠡᠭᠡ ᠶᠢᠨ ᠤᠶᠠᠭ᠎ᠠ ᠰᠤᠷᠢᠯᠳᠠ ᠨᠢ ᠤᠶᠠᠬᠤ ᠰᠦᠢᠯᠭ᠎ᠠ᠂ ᠤᠰᠤᠨ ᠰᠦᠢᠯᠭ᠎ᠠ᠂ ᠰᠤᠷᠢᠯᠭ᠎ᠠ ᠶᠢᠨ ᠤᠷᠤᠯᠳᠤᠭᠠᠨ ᠵᠠᠷᠭᠡ ᠶᠢ ᠪᠠᠭᠳᠠᠭᠠᠳᠠᠭ᠃ ᠤᠷᠤᠯᠳᠤᠭᠠᠨ ᠤ ᠲᠠᠮᠡᠭᠡ ᠶᠢᠨ ᠤᠶᠠᠬᠤ ᠰᠦᠢᠯᠭ᠎ᠠ ᠶᠢ ᠭᠢᠭᠦ ᠳᠤ ᠪᠠᠨ ᠡᠭᠢᠨ ᠤ 5~7 ᠡᠳᠤᠷ ᠲᠤ ᠠᠮᠠᠨ ᠵᠠᠪᠠᠭ᠎ᠠ ᠶᠢ ᠨᠢ ᠭᠠᠷᠭᠠᠬᠤ ᠲᠠᠳᠤᠢ ᠪᠠᠭ᠎ᠠ ᠢᠳᠡᠭᠦᠯᠥᠭᠡᠳ ᠤᠶᠠᠳᠠᠭ᠃         ᠨᠢᠭᠡ ᠤᠳᠠᠭ᠎ᠠ ᠥᠢᠷ᠎ᠠ ᠵᠠᠢ ᠳᠤ ᠵᠥᠭᠡᠯᠡᠨ ᠲᠠᠰᠢᠭᠦᠯᠵᠥ ᠭᠥᠯᠥᠰᠥᠯᠡᠭᠡᠳ ᠴᠠᠳᠳᠠᠯ᠎ᠠ ᠨᠢ ᠢᠳᠡᠭᠦᠯᠵᠥ᠂ 3~5 ᠡᠳᠤᠷ ᠠᠮᠠᠷᠠᠭᠠᠳᠠᠭ᠃ ᠢᠡᠭᠭᠢᠵᠥ ᠤᠶᠠᠵᠤ ᠰᠦᠢᠬᠤ ᠳᠤ ᠤᠷᠤᠯᠳᠤᠭᠠᠨ ᠤ ᠲᠠᠮᠡᠭᠡᠨ ᠤ ᠭᠡᠳᠠᠰᠤ ᠨᠢ ᠲᠠᠳᠠᠭᠤᠷᠠᠵᠤ᠂ ᠭᠥᠴᠥ ᠲᠠᠷᠭᠤ ᠨᠢ ᠲᠤᠭᠳᠠᠵᠤ᠂ ᠲᠠᠪᠠᠭ ᠨᠢ ᠪᠥᠭᠡᠵᠢᠳᠡᠭ᠃ ᠤᠰᠤᠨ  ᠰᠥᠢᠯᠭ᠎ᠠ ᠪᠤᠯ ᠤᠷᠤᠯᠳᠤᠭᠠᠨ ᠤ ᠲᠠᠮᠡᠭᠡ ᠶᠢ ᠤᠶᠠᠭ᠎ᠠ ᠰᠤᠷᠢᠯᠳᠠ ᠶᠢᠨ ᠬᠤᠭᠤᠴᠠᠭᠠᠨ ᠳᠤ ᠲᠤᠭ᠎ᠠ ᠭᠡᠮᠵᠢᠶ᠎ᠠ ᠲᠠᠢ ᠤᠰᠤᠯᠠᠬᠤ ᠶᠢ ᠭᠡᠯᠡᠳᠡᠭ᠃         ᠤᠰᠤᠨ ᠰᠦᠢᠯᠭ᠎ᠠ ᠭᠢᠭᠦ ᠳᠤ ᠡᠭᠢᠨ ᠤ 5~7 ᠡᠳᠤᠷ ᠤᠨ ᠤᠶᠠᠬᠤ ᠰᠦᠢᠯᠭ᠎ᠠ ᠶᠢᠨ ᠬᠤᠭᠤᠴᠠᠭᠠᠨ ᠳᠤ ᠤᠰᠤᠯᠠᠬᠤ ᠥᠭᠡᠢ᠂ ᠭᠥᠯᠥᠰᠤᠯᠡᠵᠥ ᠠᠮᠠᠷᠠᠭᠠᠭᠰᠠᠨ 3~5 ᠡᠳᠤᠷ ᠤᠨ ᠲᠠᠷᠠᠭ᠎ᠠ ᠰᠠᠶ᠋ᠢ ᠨᠢᠭᠡ ᠤᠳᠠᠭ᠎ᠠ ᠤᠰᠤᠯᠠᠳᠠᠭ ᠃ ᠡᠨᠡ ᠮᠠᠳᠤ 8~10 ᠡᠳᠤᠷ ᠤᠨ ᠬᠤᠭᠤᠴᠠᠭᠠᠨ ᠤ ᠠᠩᠬᠠᠳᠠᠭᠢ ᠤᠶᠠᠬᠤ ᠰᠦᠢᠯᠭ᠎ᠠ ᠪᠠ ᠤᠰᠤᠨ ᠰᠦᠢᠯᠭ᠎ᠠ ᠶᠢᠨ ᠲᠠᠷᠠᠭ᠎ᠠ᠂ ᠥᠷᠭᠦᠯᠵᠢᠯᠡᠨ ᠰᠦᠢᠬᠤ ᠳᠤ ᠪᠠᠨ ᠡᠳᠤᠷ ᠲᠤ ᠠᠮᠠᠨ ᠵᠠᠪᠠᠭ᠎ᠠ ᠶᠢ ᠭᠠᠷᠭᠠᠵᠤ᠂ ᠥᠨᠵᠢᠭᠡᠳ ᠪᠠᠭ᠎ᠠ ᠭᠡᠮᠵᠢᠶᠠᠨ ᠤ ᠤᠰᠤ ᠤᠤᠭᠤᠯᠭᠠᠳᠠᠭ᠃            ᠰᠤᠷᠢᠯᠭ᠎ᠠ ᠶᠢᠨ ᠤᠷᠤᠯᠳᠤᠭᠠᠨ ᠢ ᠠᠩᠬᠠᠳᠡᠭᠢ ᠤᠶᠠᠬᠤ ᠰᠦᠢᠯᠭ᠎ᠠ ᠪᠤᠯᠤᠨ ᠤᠰᠤᠨ ᠰᠦᠢᠯᠭ᠎ᠠ ᠶᠢᠨ ᠲᠠᠷᠠᠭ᠎ᠠ ᠭᠢᠳᠡᠭ᠃ ᠰᠤᠷᠢᠯᠳᠠ ᠶᠢᠨ ᠤᠷᠤᠯᠳᠤᠭᠠᠨ ᠤ ᠵᠠᠢ ᠶᠢ ᠡᠩ ᠤᠨ ᠪᠠᠶᠢᠳᠠᠯ ᠳᠤ 8~15  ᠭᠠᠵᠠᠷ ᠢᠶᠠᠷ ᠲᠤᠭᠢᠷᠠᠭᠤᠯᠵᠤ᠂ ᠤᠷᠤᠯᠳᠤᠭᠠᠨ ᠤ ᠲᠠᠮᠡᠭᠡᠳ ᠤᠨ ᠰᠢᠷᠪᠤᠰᠤ ᠪᠤᠯᠴᠢᠩ ᠢ ᠴᠢᠩᠭᠠᠷᠠᠭᠤᠯᠬᠤ᠂ ᠬᠠᠷᠠᠶᠢᠯᠳᠠ ᠭᠥᠶᠥᠳᠠᠯ ᠢ ᠨᠡᠮᠡᠭᠳᠡᠭᠦᠯᠭᠦ᠂ ᠠᠮᠢᠰᠬᠤᠭ᠎ᠠ ᠴᠡᠭᠡᠵᠢ ᠶᠢ ᠠᠭᠤᠵᠢᠷᠠᠭᠤᠯᠬᠤ ᠵᠠᠷᠭᠡ ᠵᠤᠷᠢᠯᠭ᠎ᠠ ᠪᠠᠷ ᠭᠡᠳᠤ ᠤᠳᠠᠭ᠎ᠠ ᠭᠢᠳᠡᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号