ᠤᠷᠤᠯᠳᠤᠭᠠᠨ ᠤ ᠲᠠᠮᠡᠭᠡᠨ ᠤ ᠵᠠᠰᠠᠯ ᠡᠳ᠋ᠯᠡᠯ
ᠨᠡᠶᠢᠲᠡᠯᠡᠭᠰᠡᠨ ᠴᠠᠭ᠄
2019/11/26
        ᠤᠷᠤᠯᠳᠤᠭᠠᠨ ᠤ ᠲᠡᠮᠡᠭᠡᠨ ᠤ ᠰᠢᠯᠢ ᠳᠤ ᠥᠡᠭᠭᠡ ᠪᠥᠷᠢ ᠶᠢᠨ ᠲᠤᠷᠭ᠎ᠠ ᠲᠤᠷᠳᠤᠩ ᠤᠶᠠᠵᠤ  ᠭᠤᠶᠤᠯᠠᠵᠤ ᠴᠢᠮᠡᠭᠯᠡᠳᠡᠭ᠃ ᠡᠨᠡ ᠨᠢ ᠬᠤᠷᠳᠤᠨ ᠲᠠᠮᠡᠭᠡᠨ ᠤ ᠲᠠᠰᠢᠯᠳᠠ ᠪᠠᠷ ᠰᠠᠯᠭᠢᠨ ᠳᠤ ᠭᠡᠶᠢᠰᠴᠤ᠂ ᠥᠡᠭᠭᠡ ᠥᠵᠠᠮᠵᠢ ᠪᠤᠯᠬᠤ ᠶᠢᠨ ᠬᠠᠮᠳᠤ᠂ ᠤᠨᠤᠭᠴᠢ ᠭᠥᠮᠥᠨ᠂ ᠤᠷᠤᠯᠳᠤᠭᠴᠢ ᠲᠠᠮᠠᠭᠡᠨ ᠤ ᠴᠤᠭ ᠵᠢᠪᠬᠤᠭ᠎ᠠ ᠶᠢ ᠪᠠᠳᠠᠷᠠᠭᠤᠯᠳᠠᠭ᠃ ᠤᠷᠤᠯᠳᠤᠭᠠᠨ ᠤ ᠲᠠᠮᠡᠭᠡᠨ ᠤ ᠪᠤᠶᠢᠯᠠ᠂ ᠪᠤᠷᠠᠨᠳᠠᠭ ᠢ ᠵᠠᠰᠠᠵᠤ ᠴᠢᠮᠡᠭᠦ ᠪᠠ ᠲᠤᠬᠤᠰᠢ ᠶᠢ ᠭᠡᠪᠢᠰ ᠢᠶᠠᠷ ᠭᠢᠭᠦ᠂ ᠢᠰᠡᠭᠡᠢ ᠲᠤᠬᠤᠰᠢ ᠳᠤ ᠭᠡ ᠤᠭᠠᠯᠵᠠ ᠰᠢᠷᠢᠭᠦ᠂ ᠭᠥᠪᠡᠭᠡ ᠶᠢ ᠨᠢ ᠥᠯᠵᠠᠢ ᠵᠠᠩᠭᠢᠶ᠎ᠠ ᠪᠠᠷ ᠴᠢᠮᠡᠭᠦ ᠵᠠᠷᠭᠡ ᠪᠠᠷ ᠭᠤᠶᠤᠯᠠᠳᠠᠭ ᠨᠢ ᠥᠵᠠᠮᠵᠢ ᠭᠤᠶᠤ ᠮᠥᠷᠳᠡᠭᠡᠨ ᠥᠯᠵᠠᠢ ᠮᠥᠷ ᠲᠠᠢ ᠪᠠᠶᠢᠬᠤ ᠶᠢ ᠪᠡᠯᠭᠡᠳᠡᠭᠰᠡᠨ ᠪᠠᠶᠢᠳᠠᠭ᠃ ᠤᠷᠤᠯᠳᠤᠭᠠᠨ ᠤ ᠲᠠᠮᠡᠭᠡ ᠶᠢᠨ ᠲᠠᠰᠢᠭᠤᠷ ᠢ ᠪᠤᠷᠭᠠᠰᠤ᠂ ᠬᠤᠯᠤᠰᠤ ᠪᠠᠷ ᠲᠠᠯᠢᠮ ᠤᠷᠳᠤ ᠭᠢᠵᠥ᠂ ᠲᠤᠤᠷᠠᠳᠤ ᠪᠠᠶ᠎ᠠ ᠶᠢ ᠨᠢ ᠰᠤᠷ ᠢᠶᠠᠷ ᠰᠥᠯᠵᠢᠨ ᠪᠠᠭᠢᠯᠡᠳᠡᠭ᠃ ᠲᠠᠮᠡᠭᠡᠨ ᠤᠷᠤᠯᠳᠤᠭᠠᠨ ᠳᠤ ᠵᠡᠭᠡᠷ᠎ᠠ ᠶᠢᠨ ᠰᠢᠯᠪᠢ ᠪᠠᠷ ᠭᠢᠭᠰᠡᠨ ᠤᠷᠳᠤ ᠰᠤᠷ ᠰᠡᠭᠡᠯᠳᠤᠷᠭᠡ ᠲᠠᠢ ᠲᠠᠰᠢᠭᠤᠷ ᠭᠡᠷᠡᠭᠯᠡᠭᠦ ᠴᠤ ᠪᠤᠢ᠃ ᠡᠨᠡ ᠨᠢ ᠵᠠᠭᠡᠷ᠎ᠠ ᠶᠢᠨ ᠰᠢᠯᠪᠢ ᠶᠢᠨ ᠲᠠᠰᠢᠭᠤᠷ ᠭᠥᠡᠭᠭᠡᠨ ᠪᠠᠶᠢᠳᠠᠭ ᠪᠥᠭᠡᠳ ᠵᠡᠭᠡᠷ᠎ᠠ ᠰᠢᠭ ᠬᠤᠷᠳᠤᠨ ᠢᠶᠠᠷ ᠲᠡᠷᠢᠭᠦᠯᠡᠭᠦ ᠶᠢ ᠪᠡᠯᠭᠡᠳᠡᠭᠰᠡᠨ ᠰᠠᠨᠠᠭ᠎ᠠ ᠲᠠᠢ  ᠪᠠᠶᠢᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号