ᠤᠷᠤᠯᠳᠤᠭᠠᠨ ᠤ ᠲᠠᠮᠡᠭᠡ ᠤᠨᠤᠭᠴᠢ ᠶᠢᠨ ᠬᠤᠪᠴᠠᠰᠤ ᠵᠠᠰᠠᠯ
ᠨᠡᠶᠢᠲᠡᠯᠡᠭᠰᠡᠨ ᠴᠠᠭ᠄
2019/11/27
       ᠤᠷᠤᠯᠳᠤᠭᠠᠨ ᠤ ᠲᠠᠮᠡᠭᠡ ᠶᠢ ᠭᠤᠤᠯᠳᠠᠭᠤ ᠪᠠᠶ᠎ᠠ ᠭᠥᠡᠭᠭᠡᠨ᠂ ᠤᠨᠤᠭᠠᠨ ᠳᠤ ᠡᠪ ᠲᠠᠢ ᠵᠠᠯᠠᠭᠤ   ᠭᠥᠮᠥᠨ ᠤᠨᠤᠳᠠᠭ᠃ ᠢᠢᠮᠥ ᠠᠴᠠ ᠤᠷᠤᠯᠳᠤᠭᠠᠨ ᠮᠤᠷᠢ ᠤᠨᠤᠭᠴᠢᠳ ᠰᠢᠬ ᠲᠤᠰᠬᠠᠢ ᠬᠤᠪᠴᠠᠰᠤ ᠪᠡᠯᠡᠳᠭᠡᠳᠡᠭ ᠥᠭᠡᠢ᠃ ᠬᠠᠷᠢᠨ ᠥᠪᠡᠷ ᠥᠪᠡᠷ ᠤᠨ ᠲᠤᠷᠠᠰᠢᠯ ᠠᠴᠠ ᠪᠠᠨ ᠥᠡᠭᠭᠡ ᠪᠥᠷᠢ ᠶᠢᠨ ᠬᠤᠪᠴᠠᠰᠤ ᠡᠮᠥᠰᠴᠤ ᠭᠤᠶᠤᠯᠠᠵᠤ ᠵᠠᠰᠠᠳᠠᠭ᠃ ᠡᠪᠤᠯ ᠤᠨ ᠤᠯᠠᠷᠢᠯ ᠤᠨ ᠲᠠᠮᠡᠭᠡᠨ ᠤᠷᠤᠯᠳᠤᠭᠠᠨ ᠳᠤ ᠭᠥᠭᠡ᠂ ᠴᠡᠩᠭᠡᠷ᠂ ᠤᠯᠠᠭᠠᠨ᠂ ᠭᠥᠷᠠᠩ ᠥᠡᠭᠭᠡ ᠪᠥᠷᠢ ᠶᠢᠨ ᠲᠠᠪᠠᠯ ᠪᠠ ᠥᠨᠡᠭᠡ᠂ ᠪᠤᠯᠠᠭ᠎ᠠ᠂ ᠬᠠᠯᠢᠭᠤ᠂ ᠬᠤᠷᠠᠭ᠎ᠠ᠂ ᠪᠤᠳᠤᠭᠤ ᠶᠢᠨ ᠠᠷᠠᠰᠤᠨ ᠮᠠᠯᠠᠭᠠᠢ ᠡᠮᠥᠰᠴᠤ᠂ ᠥᠡᠭᠭᠡ ᠢᠯᠭᠠᠷᠠᠭᠰᠠᠨ ᠠᠯᠴᠢᠭᠤᠷ ᠤᠷᠢᠶᠠᠵᠤ᠂ ᠤᠭᠠᠯᠵᠠ ᠬᠤᠸᠠᠷ ᠲᠠᠢ ᠪᠥᠰ ᠭᠤᠳᠤᠯ᠂ ᠤᠷᠠᠨ ᠤᠶᠤᠳᠠᠯ ᠲᠠᠢ ᠠᠷᠠᠰᠤᠨ ᠭᠤᠳᠤᠯ ᠪᠤᠶᠤ  ᠬᠠᠷ᠎ᠠ᠂ ᠴᠠᠭᠠᠨ ᠢᠰᠡᠭᠡᠢ ᠭᠤᠳᠤᠯ ᠡᠮᠥᠰᠥᠭᠰᠡᠨ ᠡᠷᠡᠭᠳᠠᠢ᠂ ᠡᠮᠡᠭᠳᠠᠢ ᠵᠠᠯᠠᠭᠤᠴᠤᠳ ᠬᠤᠷᠳᠤᠨ ᠲᠡᠮᠡᠭᠡ ᠪᠠᠨ ᠤᠨᠤᠵᠤ᠂ ᠬᠤᠯᠠ ᠵᠠᠮ ᠳᠤ ᠲᠠᠰᠢᠭᠦᠯᠭᠦ ᠨᠢ ᠥᠪᠴᠢ ᠮᠥᠡᠭᠭᠦᠨ ᠲᠠᠯᠡᠭᠡᠢ ᠳᠤ ᠥᠡᠭᠭᠡ ᠶᠢᠨ ᠴᠡᠴᠡᠭ ᠲᠠᠯᠭᠡᠷᠡᠭᠰᠡᠨ ᠮᠠᠳᠤ ᠬᠠᠷᠠᠭᠳᠠᠳᠠᠭ᠃ ᠵᠤᠨ ᠤ ᠴᠠᠭ ᠤᠨ ᠲᠡᠮᠡᠭᠡᠨ ᠤᠷᠤᠯᠳᠤᠭᠠᠨ ᠳᠤ ᠤᠷᠤᠯᠴᠠᠭᠰᠠᠳ ᠤᠨ ᠬᠤᠪᠴᠠᠰᠤ ᠵᠠᠰᠠᠯ ᠨᠢ ᠨᠤᠮᠢᠨ ᠲᠠᠯ᠎ᠠ ᠲᠠᠢ ᠥᠡᠭᠭᠡ ᠪᠤᠯᠢᠶᠠᠯᠳᠤᠨ ᠨᠤᠳᠤᠭ ᠤᠰᠤᠨ ᠤ ᠪᠠᠨ ᠴᠢᠮᠡᠭ  ᠪᠤᠯᠵᠤ᠂ ᠨᠠᠶᠢᠷ ᠨᠠᠭᠠᠳᠤᠮ ᠳᠤ ᠥᠵᠠᠮᠵᠢ ᠨᠡᠮᠡᠳᠡᠭ᠃        ᠲᠡᠮᠡᠭᠡᠨ ᠤ ᠲᠠᠰᠢᠯᠳᠠ ᠬᠠᠳᠠᠭᠤ ᠪᠠᠶᠢᠳᠠᠭ ᠪᠤᠯᠬᠤᠷ᠂ ᠡᠯᠢᠭᠡ ᠪᠥᠭᠡᠷ᠎ᠠ ᠲᠤᠷᠭᠢᠬᠤ ᠠᠴᠠ ᠰᠠᠷᠭᠡᠶᠢᠯᠡᠨ ᠥᠷᠭᠡᠨ ᠪᠥᠰᠠ ᠶᠢ ᠴᠢᠩᠭ᠎ᠠ ᠪᠥᠰᠡᠯᠡᠳᠡᠭ᠃ ᠵᠠᠷᠢᠮ ᠨᠢ ᠪᠥᠰᠠ ᠶᠢᠨ ᠲᠡᠭᠡᠭᠦᠷ ᠪᠤᠷᠠᠨᠳᠠᠭ ᠪᠥᠰᠡᠯᠡᠭᠰᠡᠨ ᠴᠤ ᠪᠠᠶᠢᠳᠠᠭ ᠃ ᠡᠨᠡ ᠨᠢ ︽ᠪᠤᠷᠠᠨᠳᠠᠭ ᠪᠥᠰᠡᠯᠡᠪᠠᠯ ᠲᠡᠮᠡᠭᠡᠨ ᠠᠴᠠ ᠤᠢᠢᠴᠢᠬᠰᠠᠨ ᠴᠤ ᠪᠠᠶ᠎ᠠ ᠭᠡᠮᠳᠥᠳᠡᠭ ᠥᠭᠡᠢ︾ ᠭᠡᠰᠡᠨ ᠬᠠᠰᠢᠷ ᠲᠠᠮᠡᠭᠡᠴᠢᠨ ᠤ ᠥᠵᠠᠯᠳᠠ ᠲᠠᠢ ᠬᠤᠯᠪᠤᠭ᠎ᠠ ᠲᠠᠢ ᠪᠡᠯᠭᠡᠳᠠᠯ ᠰᠠᠨᠠᠭᠠᠨ ᠤ ᠢᠯᠠᠷᠠᠯ ᠶᠤᠮ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号