ᠱᠠᠭ᠎ᠠ ᠰᠢᠭᠦᠷᠭᠦ
ᠨᠡᠶᠢᠲᠡᠯᠡᠭᠰᠡᠨ ᠴᠠᠭ᠄
2019/12/16
        ᠱᠠᠭ᠎ᠠ ᠰᠢᠭᠦᠷᠭᠦ ︵ᠪᠤᠶᠤ ᠠᠳᠬᠤᠬᠤ︶ ᠲᠤᠭᠯᠠᠭᠠᠮ ᠨᠢ ᠤᠷᠭᠢᠵᠥ ᠨᠠᠶᠢᠷᠠᠭᠰᠠᠨ ᠱᠠᠭ᠎ᠠ ᠶᠢ    ᠢᠵᠢᠯ ᠲᠥᠷᠰᠥ ᠪᠠᠷ ᠨᠢ ᠠᠳᠬᠤᠬᠤ ᠪᠤᠶᠤ ᠲᠤᠭᠳᠠᠭᠰᠠᠨ ᠲᠤᠭ᠎ᠠ ᠲᠠᠢ ᠠᠳᠬᠤᠵᠤ᠂ ᠠᠨᠳᠠᠭᠠᠢᠢᠯᠠᠬᠤ᠂ ᠮᠢᠩᠭ᠎ᠠ ᠳᠤ ᠤᠷᠤᠯᠳᠤᠬᠤ᠂ ᠬᠤᠶᠠᠷ ᠴᠢᠭᠢ ᠰᠢᠭᠦᠷᠭᠦ᠂ ᠭᠤᠷᠪᠠᠯᠵᠢᠨ ᠨᠢᠳᠤ ᠪᠠ ᠵᠢᠷᠭᠤᠭᠠᠨ ᠲᠠᠯ᠎ᠠ      ᠲᠤᠪᠰᠢᠬᠤ ᠵᠠᠷᠭᠡ ᠤᠯᠠᠨ ᠵᠥᠢᠯ ᠢᠶᠠᠷ ᠨᠠᠭᠠᠳᠳᠠᠭ᠃ ᠢᠡᠭᠭᠢᠭᠦ ᠳᠤ ᠪᠠᠨ ᠤᠷᠭᠢᠵᠤ ᠨᠠᠶᠢᠷᠠᠭᠰᠠᠨ ᠱᠠᠭ᠎ᠠ ᠠᠴᠠ ᠢᠯᠭᠠᠭᠳᠠᠬᠤ ᠤᠨᠴᠠ ᠲᠠᠮᠳᠡᠭ ᠲᠠᠢ ᠱᠠᠭ᠎ᠠ ᠶᠢ ᠲᠠᠭᠡᠭᠰᠢ ᠬᠠᠶᠠᠵᠤ᠂ ᠨᠠᠶᠢᠷᠠᠭᠰᠠᠨ ᠱᠠᠭ᠎ᠠ ᠪᠠᠨ ᠰᠢᠭᠦᠷᠤᠨ ᠠᠪᠴᠤ᠂ ᠲᠡᠭᠡᠭᠰᠢ ᠬᠠᠶᠠᠭᠰᠠᠨ ᠱᠠᠭ᠎ᠠ ᠶᠢ ᠪᠠᠭᠤᠵᠤ ᠢᠷᠡᠭᠦ ᠳᠤ ᠨᠢ ᠭᠠᠵᠠᠷ ᠲᠤᠰᠬᠠᠬᠤ ᠥᠭᠡᠢ ᠬᠠᠮᠳᠤ ᠳᠤ ᠨᠢ ᠠᠳᠬᠤᠨ ᠠᠪᠳᠠᠭ᠃ ᠵᠠᠷᠢᠮ ᠭᠠᠵᠠᠷ ᠱᠠᠭ᠎ᠠ ᠰᠢᠭᠦᠷᠭᠦ ᠳᠤ ᠪᠠᠨ ᠵᠢᠵᠢᠭ ᠲᠠᠮᠤᠷ ᠴᠠᠭᠠᠷᠢᠭ ᠢ ᠭᠡᠯᠭᠢᠭᠡᠳ ︽ᠰᠤᠮᠤ︾ ᠪᠤᠶᠤ ︽ᠰᠠᠮᠪᠡᠭ︾ ᠭᠡᠵᠥ ᠨᠠᠷᠠᠯᠡᠭᠡᠳ ᠲᠡᠭᠦᠨ ᠢᠶᠠᠨ ᠲᠡᠭᠡᠭᠰᠢ ᠬᠠᠶᠠᠳᠠᠭ᠃ ᠥᠢᠷ᠎ᠠ ᠥᠶ᠎ᠠ ᠳᠤ ᠪᠥᠮᠪᠦᠭᠡ ᠪᠤᠶᠤ ᠵᠢᠵᠢᠭ ᠤᠭᠤᠳᠠ ᠤᠶᠤᠭᠠᠳ ᠲᠡᠭᠦᠨ ᠢᠶᠠᠨ ᠲᠡᠭᠡᠭᠰᠢ ᠬᠠᠶᠠᠵᠤ᠂  ᠱᠠᠭ᠎ᠠ ᠰᠢᠭᠦᠷᠤᠨ ᠨᠠᠭᠠᠳᠬᠤ ᠪᠤᠯᠵᠠᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号