ᠤᠷᠤᠯᠳᠤᠭᠠᠨ ᠤ ᠲᠠᠮᠡᠭᠡᠨ ᠤ ᠱᠠᠩ ᠪᠡᠯᠡᠭ
ᠨᠡᠶᠢᠲᠡᠯᠡᠭᠰᠡᠨ ᠴᠠᠭ᠄
2019/12/2
       ᠤᠷᠤᠯᠳᠤᠭᠠᠨ ᠤ ᠲᠠᠮᠡᠭᠡ ᠶᠢᠨ ᠱᠠᠩ ᠪᠡᠯᠡᠭ ᠲᠤ ᠮᠤᠷᠢ᠂ ᠲᠠᠮᠡᠭᠡ᠂ ᠬᠤᠨᠢ᠂ ᠲᠤᠷᠭ᠎ᠠ᠂ ᠭᠡᠪ ᠤᠨ ᠴᠠᠢ᠂ ᠬᠠᠳᠠᠭ ᠵᠠᠷᠭᠡ ᠥᠭᠳᠡᠭ ᠤᠯᠠᠮᠵᠢᠯᠠᠯ ᠲᠠᠢ ᠪᠠᠶᠢᠪᠠ᠃ ᠱᠠᠩ ᠪᠡᠯᠡᠭ ᠥᠭᠭᠦ ᠲᠤᠭ᠎ᠠ ᠨᠢ ᠤᠷᠤᠯᠳᠤᠭᠰᠠᠨ ᠲᠠᠮᠡᠭᠡᠨ ᠤ ᠲᠤᠭ᠎ᠠ ᠪᠠ ᠨᠠᠶᠢᠷ ᠨᠠᠭᠠᠳᠤᠮ ᠤᠨ ᠭᠥᠷᠢᠶ᠎ᠠ ᠭᠡᠪᠴᠢᠶ᠎ᠠ᠂ ᠡᠷᠭᠢᠯᠡᠭᠰᠡᠨ ᠨᠢᠭᠡᠴᠢ ᠶᠢᠨ ᠪᠠᠶᠢᠳᠠᠯ ᠠᠴᠠ ᠲᠤᠭᠳᠠᠭᠠᠭᠳᠠᠳᠠᠭ᠃ ᠲᠠᠷᠢᠭᠦᠯᠡᠭᠰᠡᠨ ᠲᠡᠮᠡᠭᠡ ᠶᠢ ᠮᠥᠡᠭᠭᠦᠨ ᠡᠮᠡᠭᠡᠯ ᠬᠠᠵᠠᠭᠠᠷ ᠲᠠᠢ ᠮᠤᠷᠢ᠂ ᠮᠥᠡᠭᠭᠦᠨ ᠪᠥᠢᠯᠠ ᠲᠠᠢ ᠴᠠᠭᠠᠨ ᠲᠠᠮᠡᠭᠡ ᠪᠠᠷ ᠱᠠᠩᠨᠠᠵᠤ ᠪᠠᠶᠢᠬᠰᠠᠨ ᠪᠥᠭᠡᠳ‌‍ᠲ᠋ᠠᠳ᠋ᠯᠡᠭᠰᠡᠨ ᠲᠠᠮᠡᠭᠡᠨ ᠳᠤ ᠮᠤᠷᠢ᠂ ᠲᠡᠮᠡᠭᠡ ᠱᠠᠩᠨᠠᠵᠤ᠂ ᠡᠭᠦᠨᠴᠢᠯᠡᠨ ᠲᠠᠰ ᠲᠠᠷᠠᠭ᠎ᠠ ᠪᠠᠷ ᠬᠤᠨᠢ᠂ ᠲᠠᠪᠠᠯ ᠤᠨ ᠲᠤᠷᠭ᠎ᠠ᠂ ᠭᠡᠪ ᠤᠨ ᠴᠠᠢ ᠭᠡᠭᠦ ᠮᠠᠳᠤ ᠱᠠᠩᠨᠠᠯ ᠪᠡᠯᠡᠭ ᠥᠭᠳᠡᠭ᠃ ᠡᠷᠳᠠ ᠥᠶ᠎ᠠ ᠳᠤ ᠪᠠᠨ ᠶᠢᠰᠤ  ᠶᠢᠰᠤ ᠨᠠᠶᠠᠨ ᠨᠢᠭᠡ ᠶᠢᠨ ᠪᠡᠯᠡᠭ ᠨᠢ ᠬᠠᠮᠤᠭ ᠡᠷᠭᠢᠮ ᠪᠡᠯᠡᠭ ᠪᠤᠯᠵᠤ ᠪᠠᠶᠢᠪᠠ᠃ ᠥᠢᠷ᠎ᠠ ᠥᠶ᠎ᠠ ᠶᠢᠨ ᠨᠠᠶᠢᠷ ᠨᠠᠭᠠᠳᠤᠮ ᠳᠤ ᠮᠠᠰᠢᠨ ᠲᠠᠷᠭᠡ᠂ ᠮᠤᠲ᠋ᠤᠷ᠂ ᠲᠧᠯᠸᠢᠰ᠂ ᠮᠥᠡᠭᠭᠦ ᠲᠥᠭᠦᠷᠢᠭ ᠢᠶᠠᠷ ᠱᠠᠩᠨᠠᠬᠤ ᠪᠤᠯᠤᠭᠰᠠᠨ ᠪᠠᠶᠢᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号