ᠪᠤᠭᠤᠳᠤ ᠬᠤᠳᠠ ᠶᠢᠨ ᠲᠤᠯᠤᠳᠤᠭᠠᠷ ᠲᠤᠮᠳᠠᠳᠤ ᠰᠤᠷᠭᠠᠭᠤᠯᠢ ᠪᠤᠯ 1956 ᠤᠨ ᠳᠤ ᠪᠠᠶᠢᠭᠤᠯᠤᠬᠳᠠᠵᠤ᠂ | ᠰᠤᠷᠭᠠᠭᠤᠯᠢ ᠪᠠᠶᠢᠭᠤᠯᠤᠬᠳᠠᠬᠰᠠᠨ ᠠᠩᠬᠠᠨ ᠤ ᠦᠶ᠎ᠠ ᠳᠡᠭᠡᠨ ᠨᠢᠬᠡᠨ ᠠᠩᠬ᠎ᠠ ᠵᠡᠷᠬᠡ ᠶᠢᠨ ᠲᠤᠮᠳᠠᠳᠤ ᠰᠤᠷᠭᠠᠭᠤᠯᠢ ᠪᠠᠶᠢᠵᠤ᠂ | 1974 ᠤᠨ ᠳᠤ ᠪᠦᠷᠢᠨ ᠲᠤᠮᠳᠠᠳᠤ ᠰᠤᠷᠭᠠᠭᠤᠯᠢ ᠪᠤᠯᠵᠤ᠂ 1996 ᠤᠨ ᠳᠤ ᠡᠩ ᠤᠨ ᠦᠨᠳᠦᠷ ᠲᠤᠮᠳᠠᠳᠤ ᠶᠢᠨ | ᠰᠤᠷᠤᠬᠴᠢ ᠡᠯᠰᠡᠬᠦ ᠪᠠᠨ ᠵᠤᠬᠰᠤᠪᠠ᠃ 2002 ᠤᠨ ᠳᠤ ᠡᠩ ᠤᠨ ᠦᠨᠳᠦᠷ ᠲᠤᠮᠳᠠᠳᠤ ᠶᠢᠨ ᠰᠤᠷᠤᠬᠴᠢ ᠡᠯᠰᠡᠬᠦ ᠪᠠᠨ | ᠰᠡᠷᠬᠦᠬᠡᠵᠤ᠂ 2012 ᠤᠨ ᠳᠤ ᠡᠩ ᠤᠨ ᠦᠨᠳᠦᠷ ᠲᠤᠮᠳᠠᠳᠤ ᠶᠢᠨ ᠰᠤᠷᠤᠬᠴᠢ ᠡᠯᠰᠡᠬᠦ ᠪᠠᠨ ᠵᠤᠬᠰᠤᠪᠠ᠃ ᠤᠳᠤ ᠪᠣᠯ | ᠠᠩᠬ᠎ᠠ ᠵᠡᠷᠬᠡ ᠶᠢᠨ ᠲᠤᠮᠳᠠᠳᠤ ᠶᠢᠨ1 ᠠᠴᠠ3 ᠤᠨ ᠤ 22 ᠵᠢᠭᠠᠨ ᠰᠤᠷᠭᠠᠯᠳᠠ ᠶᠢᠨ ᠠᠩᠬᠢ ᠲᠠᠢ ᠠᠩᠬ᠎ᠠ ᠵᠡᠷᠬᠡ ᠶᠢᠨ | ᠲᠤᠮᠳᠠᠳᠤ ᠰᠤᠷᠭᠠᠭᠤᠯᠢ ᠪᠣᠯᠵᠠᠢ᠃ | ᠰᠤᠷᠭᠠᠭᠤᠯᠢ ᠶᠢᠨ ᠡᠵᠡᠯᠡᠬᠦ ᠲᠡᠯᠡᠪᠡᠢ 27298 ᠲᠡᠭᠰᠢ ᠲᠦᠷᠪᠡᠯᠵᠢᠨ ᠮᠧᠲᠷ᠂ ᠪᠠᠷᠢᠯᠭ᠎ᠠ ᠶᠢᠨ ᠲᠠᠯᠠᠪᠠᠢ | 11084 ᠲᠡᠭᠰᠢ ᠲᠦᠷᠪᠡᠯᠵᠢᠨ ᠮᠧᠲᠷ᠃ 300 ᠮᠧᠲᠷ ᠬᠤᠪᠠᠨᠴᠠᠷ ᠵᠢᠮ ᠲᠠᠢ ᠴᠠᠭᠠᠷᠢᠭ ᠬᠡᠯᠪᠡᠷᠢᠲᠦ᠂ 1 ᠬᠦᠯ | ᠪᠦᠮᠪᠦᠭᠡ ᠶᠢᠨ ᠲᠠᠯᠠᠪᠤᠷ᠂ 1 ᠠᠯᠠᠭᠠᠳᠠᠬᠤ ᠪᠦᠮᠪᠦᠭᠡ ᠶᠢᠨ ᠲᠠᠯᠠᠪᠤᠷ᠂ 1 ᠰᠠᠬᠰᠤᠨ ᠪᠦᠮᠪᠦᠭᠡ ᠶᠢᠨ ᠲᠠᠯᠠᠪᠤᠷ᠂ 3 ᠬᠠᠭᠠᠰ | ᠲᠠᠯᠠᠪᠠᠢ ᠰᠠᠬᠰᠤᠨ ᠪᠦᠮᠪᠦᠭᠡ ᠶᠢᠨ ᠲᠠᠯᠠᠪᠤᠷ᠂ 6 ᠦᠳᠦᠨ ᠪᠦᠮᠪᠦᠭᠡ ᠶᠢᠨ ᠲᠠᠯᠠᠪᠤᠷ︔ ᠬᠡᠷ ᠲᠤᠳᠤᠷᠠᠬᠢ 5 ᠬᠦᠮᠦᠨ ᠤ | ᠲᠦᠷᠢᠮᠳᠤ ᠬᠦᠯ ᠪᠦᠮᠪᠦᠭᠡ ᠶᠢᠨ ᠤᠷᠳᠤᠨ 1᠂ ᠬᠡᠷ ᠲᠤᠳᠤᠷᠠᠬᠢ 12 ᠪᠦᠮᠪᠦᠭᠡ ᠶᠢᠨ ᠲᠠᠶᠢᠰᠠ ᠲᠠᠯᠪᠢᠬᠰᠠᠨ ᠫᠢᠩᠫᠤᠩ | ᠪᠦᠮᠪᠦᠭᠡ ᠶᠢᠨ ᠤᠷᠳᠤᠨ 1᠂ ᠭᠡᠷ ᠤᠨ ᠭᠠᠳᠠᠨᠠᠬᠢ ᠫᠢᠩᠫᠤᠩ ᠪᠦᠮᠪᠦᠭᠡ ᠶᠢᠨ ᠲᠠᠶᠢᠰᠠ 8︔ ᠹᠢᠽᠢᠺ᠂ ᠬᠢᠮᠢ᠂ ᠠᠮᠢᠳᠤ | ᠪᠤᠳᠠᠰ ᠤᠨ ᠲᠤᠷᠰᠢᠯᠳᠠ ᠶᠢᠨ ᠲᠠᠰᠤᠭ ᠲᠤᠰ ᠲᠤᠰ 2᠂ ᠹᠢᠽᠢᠺ ᠬᠢᠮᠢ ᠠᠮᠢᠳᠤ ᠪᠤᠳᠠᠰ ᠤᠨ ᠪᠡᠯᠡᠳᠬᠡᠯ ᠬᠡᠷ ᠵᠢᠴᠢ | ᠬᠡᠮᠵᠢᠬᠦᠷᠯᠢᠭ ᠲᠤᠨᠤᠭ ᠤᠨ ᠬᠦᠮᠦᠷᠬᠡ ᠲᠤᠰ ᠲᠤᠰ 1︔ ᠲᠠᠭᠤᠤ ᠬᠦᠭᠵᠢᠮ ᠤᠨ ᠲᠤᠰᠬᠠᠢ ᠬᠢᠴᠢᠶᠡᠯ ᠤᠨ ᠬᠡᠷ 2᠂ ᠤᠷᠠᠨ | ᠵᠢᠷᠤᠭ ᠤᠨ ᠲᠤᠰᠬᠠᠢ ᠬᠡᠷᠡᠭᠯᠡᠬᠦ ᠬᠢᠴᠢᠶᠡᠯ ᠤᠨ ᠬᠡᠷ 1︔ ᠪᠦᠵᠢᠭ ᠤᠨ ᠬᠡᠷ 1᠂ ᠺᠤᠮᠫᠢᠦ᠋ᠲ᠋ᠧᠷ ᠤᠨ ᠬᠢᠴᠢᠶᠡᠯ ᠤᠨ ᠬᠡᠷ | 2 ᠪᠠᠶᠢᠵᠤ᠂ ᠨᠡᠶᠢᠳᠡ 110 ᠺᠤᠮᠫᠢᠦ᠋ᠲ᠋ᠧᠷ ᠲᠠᠢ᠂ ᠡᠯᠧᠺᠲᠷᠤᠨ ᠰᠢᠩᠬᠡᠬᠡᠵᠤ ᠨᠡᠪᠳᠡᠷᠡᠬᠦᠯᠬᠦ ᠬᠡᠷ 1᠂ ᠤᠯᠠᠨ ᠴᠢᠳᠡᠪᠬᠢᠳᠤ | ᠬᠡᠷ 1︔ 100 K ᠶᠢᠨ ᠬᠡᠷᠡᠯ ᠰᠢᠷᠭᠡᠭᠳᠤ ᠰᠤᠷᠭᠠᠭᠤᠯᠢ ᠶᠢᠨ ᠬᠦᠷᠢᠶᠠᠨ ᠤ ᠰᠦᠯᠵᠢᠶ᠎ᠠ ᠲᠠᠢ᠂ ᠠᠯᠪᠠᠨ ᠬᠡᠷ ᠪᠦᠷᠢ ᠳᠤ | ᠺᠤᠮᠫᠢᠦ᠋ᠲ᠋ᠧᠷ ᠲᠠᠢ︔ ᠰᠡᠳᠬᠢᠴᠡ ᠶᠢᠨ ᠯᠠᠪᠯᠠᠯᠭ᠎ᠠ ᠶᠢᠨ ᠬᠡᠷ ᠪᠤᠯᠤᠨ ᠡᠷᠡᠬᠦᠯ ᠬᠠᠮᠠᠭᠠᠯᠠᠯ ᠡᠷᠡᠬᠦᠯ ᠮᠠᠨᠳᠤ ᠶᠢᠨ ᠬᠡᠷ ᠲᠤᠰ | ᠲᠤᠰ 1︔ ᠤᠯᠠᠨ ᠵᠠᠭᠤᠴᠢᠳᠤ ᠬᠢᠴᠢᠶᠡᠯ ᠤᠨ ᠬᠡᠷ 22︔ ᠨᠤᠮ ᠤᠨ ᠰᠠᠩ ᠳᠤ ᠨᠢ 25942 ᠲᠡᠪᠳᠡᠷ ᠨᠤᠮ | ᠬᠠᠳᠠᠭᠠᠯᠠᠵᠤ᠂ ᠤᠩᠰᠢᠯᠭ᠎ᠠ ᠶᠢᠨ ᠬᠡᠷ ᠲᠤ 66 ᠵᠦᠢᠯ ᠤᠨ ᠰᠤᠨᠢᠨ ᠰᠡᠳᠬᠦᠯ ᠵᠠᠬᠢᠶᠠᠯᠠᠵᠤ᠂ ᠰᠤᠷᠤᠬᠴᠢᠳ ᠤᠨ ᠨᠤᠮ | ᠤᠩᠰᠢᠬᠤ ᠬᠡᠷ ᠪᠠᠶᠢᠭᠤᠯᠵᠠᠢ᠃ | ᠰᠤᠷᠭᠠᠭᠤᠯᠢ ᠶᠢᠨ ᠤᠳᠤ ᠪᠠᠶᠢᠭ᠎ᠠ ᠰᠤᠷᠤᠬᠴᠢ 952 ᠬᠦᠮᠦᠨ᠂ ᠪᠠᠭᠰᠢ ᠠᠵᠢᠯᠳᠠᠨ 95 ᠬᠦᠮᠦᠨ᠂ ᠲᠤᠰᠬᠠᠢ | ᠲᠤᠰᠢᠶᠠᠯ ᠲᠠᠢ ᠪᠠᠭᠰᠢ 87 ᠬᠦᠮᠦᠨ ᠪᠤᠢ᠃ ᠲᠤᠰᠬᠠᠢ ᠲᠤᠰᠢᠶᠠᠯ ᠲᠠᠢ ᠪᠠᠭᠰᠢ ᠶᠢᠨ ᠲᠤᠳᠤᠷ᠎ᠠ ᠠᠰᠫᠢᠷᠠᠨᠲ ᠤᠨ | ᠰᠤᠷᠤᠯᠭ᠎ᠠ ᠶᠢᠨ ᠨᠠᠮᠳᠡᠷ ᠲᠠᠢ ᠬᠦᠮᠦᠨ 1᠂ ᠲᠡᠳ᠋ ᠳ᠋ᠤᠺᠲ᠋ᠤᠷ ᠤᠨ ᠡᠷᠳᠡᠮ ᠤᠨ ᠴᠤᠯᠠ ᠲᠠᠢ ᠬᠦᠮᠦᠨ 4 ᠪᠠᠶᠢᠵᠤ᠂ 5. | 7% ᠶᠢ ᠡᠵᠡᠯᠡᠨ᠎ᠡ︔ ᠵᠢᠩᠬᠢᠨᠢ ᠠᠩᠬᠢ ᠶᠢᠨ ᠰᠤᠷᠤᠯᠭ᠎ᠠ ᠶᠢᠨ ᠨᠠᠮᠳᠠᠷ ᠲᠠᠢ ᠬᠦᠮᠦᠨ 69 ᠪᠠᠶᠢᠵᠤ᠂ 79.4% ᠶᠢ | ᠡᠵᠡᠯᠡᠨ᠎ᠡ︔ ᠲᠤᠰᠬᠠᠢ ᠮᠡᠷᠬᠡᠵᠢᠯ ᠤᠨ ᠲᠡᠬᠡᠳᠤ ᠰᠤᠷᠭᠠᠭᠤᠯᠢ ᠶᠢᠨ ᠰᠤᠷᠤᠯᠭ᠎ᠠ ᠶᠢᠨ ᠨᠡᠮᠳᠡᠷ ᠲᠠᠢ ᠬᠦᠮᠦᠨ 13 ᠬᠦᠮᠦᠨ᠂ | 14.9% ᠶᠢ ᠡᠵᠡᠯᠡᠨ᠎ᠡ︔ ᠲᠡᠬᠡᠳᠤ ᠵᠡᠷᠬᠡ ᠶᠢᠨ ᠪᠠᠭᠰᠢ 44 ᠬᠦᠮᠦᠨ᠂ 50.6% ᠶᠢ ᠡᠵᠡᠯᠡᠨ᠎ᠡ︔ ᠨᠢᠬᠡᠳᠦᠬᠡᠷ | ᠲᠡᠰ ᠤᠨ ᠪᠠᠭᠰᠢ 33 ᠬᠦᠮᠦᠨ᠂ 37.9% ᠶᠢ ᠡᠵᠡᠯᠡᠨ᠎ᠡ︔ ᠦᠪᠡᠷᠳᠡᠬᠡᠨ ᠵᠠᠰᠠᠬᠤ ᠤᠷᠤᠨ ᠤ ᠵᠢᠭᠠᠨ ᠰᠤᠷᠭᠠᠯᠳᠠ ᠶᠢᠨ | ᠴᠢᠳᠡᠪᠦᠷᠢᠳᠡᠨ 1︔ ᠪᠤᠭᠤᠳᠤ ᠬᠤᠳᠠ ᠶᠢᠨ ᠬᠢᠴᠢᠶᠡᠯ ᠰᠢᠨᠵᠢᠯᠡᠬᠡᠨ ᠤ ᠲᠠᠭᠠᠭᠤᠯᠤᠬᠴᠢ 4︔ ᠪᠤᠭᠤᠳᠤ ᠬᠤᠳᠠ ᠶᠢᠨ | ᠵᠢᠭᠠᠨ ᠰᠤᠷᠭᠠᠯᠳᠠ ᠶᠢᠨ ᠴᠢᠳᠡᠪᠦᠷᠢᠳᠡᠨ 3︔ ᠬᠦᠨᠳᠡᠯᠡᠨ ᠲᠤᠭᠤᠷᠢᠭ ᠤᠨ ᠬᠢᠴᠢᠶᠡᠯ ᠰᠢᠨᠵᠢᠯᠡᠬᠡᠨ ᠤ ᠲᠠᠭᠠᠭᠤᠯᠤᠬᠴᠢ 11︔ | ᠬᠦᠨᠳᠡᠯᠡᠨ ᠲᠤᠭᠤᠷᠢᠭ ᠤᠨ ᠲᠡᠰ ᠤᠨ ᠵᠢᠭᠠᠨ ᠰᠤᠷᠭᠠᠯᠳᠠ ᠶᠢᠨ ᠴᠢᠳᠡᠪᠦᠷᠢᠳᠡᠨ 19︔ ᠲᠤᠭᠤᠷᠢᠭ ᠠᠴᠠ ᠲᠡᠬᠡᠭᠰᠢᠬᠢ ᠡᠯ᠎ᠡ | ᠲᠦᠷᠦᠯ ᠤᠨ ᠲᠠᠷᠢᠬᠦᠨ ᠤ ᠬᠤᠪᠢ ᠬᠦᠮᠦᠨ 60 ᠭᠠᠷᠤᠢ ᠪᠤᠢ᠃ | |