ᠪᠤᠭᠤᠳᠤ ᠪᠤᠯᠤᠳ ᠤᠨ ᠠᠷᠪᠠᠨ ᠲᠠᠪᠤᠳᠤᠭᠠᠷ ᠲᠤᠮᠳᠠᠳᠤ ᠰᠤᠷᠭᠠᠭᠤᠯᠢ 1965 ᠤᠨ ᠳᠤ ᠪᠠᠶᠢᠭᠤᠯᠤᠬᠳᠠᠵᠤ᠂ | ᠬᠦᠨᠳᠡᠯᠡᠨ ᠲᠤᠭᠤᠷᠢᠭ ᠤᠨ ᠪᠠᠶᠠᠨ ᠤᠪᠤᠭ᠎ᠠ ᠵᠠᠮ ᠪᠤᠯᠤᠨ ᠮᠤᠨᠢ ᠵᠠᠮ ᠤᠨ ᠠᠭᠤᠯᠵᠠᠷ ᠲᠤ ᠪᠠᠶᠢᠷᠢᠯᠠᠵᠤ᠂ ᠤᠳᠤ ᠬᠦᠨᠳᠡᠯᠡᠨ | ᠲᠤᠭᠤᠷᠢᠭ ᠤᠨ ᠬᠤᠶᠢᠳᠤ ᠪᠡᠶ᠎ᠠ ᠶᠢᠨ ᠠᠵᠤ ᠠᠬᠤᠢ ᠶᠢᠨ ᠪᠦᠰᠡ ᠶᠢᠨ ᠭᠤᠤᠯ ᠲᠤᠭᠤᠷᠢᠭ ᠲᠤ ᠪᠤᠢ᠃ ᠡᠨᠡ ᠬᠦ ᠡᠵᠡᠬᠦᠢ | ᠬᠡᠬᠡᠷ᠎ᠡ ᠪᠠᠶᠢᠭᠤᠯᠤᠬᠳᠠᠬᠰᠠᠨ ᠰᠤᠷᠭᠠᠭᠤᠯᠢ ᠨᠢ ᠬᠡᠳᠤ ᠤᠳᠠᠭ᠎ᠠ ᠨᠠᠷᠠ ᠪᠠᠨ ᠰᠤᠯᠢᠵᠤ᠂ 1996 ᠤᠨ ᠤ ᠭᠠᠵᠠᠷ | ᠬᠦᠳᠡᠯᠦᠯᠳᠡ ᠶᠢᠨ ᠲᠠᠷᠠᠭᠠᠬᠢ ᠲᠡᠬᠢᠨ ᠪᠦᠳᠦᠬᠡᠨ ᠪᠠᠶᠢᠭᠤᠯᠤᠯᠳᠠ᠂ 2010 ᠤᠨ ᠤ ᠰᠤᠷᠭᠠᠭᠤᠯᠢ ᠶᠢᠨ ᠪᠠᠶᠢᠷᠢ ᠶᠢᠨ ᠠᠮᠤᠷ | ᠲᠦᠪᠰᠢᠨ ᠤ ᠢᠨᠵᠧᠨᠧᠷᠢᠩ ᠢ ᠥᠡᠭᠭᠡᠷᠡᠭᠦᠯᠵᠦ᠂ 2013 ᠤᠨ ᠤ ᠬᠦᠨᠳᠡᠯᠡᠨ ᠲᠤᠭᠤᠷᠢᠭ ᠤᠨ ᠵᠠᠰᠠᠭ ᠤᠨ ᠤᠷᠳᠤᠨ ᠵᠢᠴᠢ | ᠰᠤᠷᠭᠠᠨ ᠬᠦᠮᠦᠵᠢᠯ ᠤᠨ ᠲᠤᠪᠴᠢᠶ᠎ᠠ ᠠᠴᠠ 1100 ᠲᠦᠮᠡᠨ ᠲᠦᠬᠦᠷᠢᠭ ᠤᠨ ᠪᠡᠯᠡ ᠤᠷᠤᠭᠤᠯᠵᠤ ᠰᠤᠷᠭᠠᠭᠤᠯᠢ ᠶᠢᠨ | ᠬᠦᠷᠢᠶ᠎ᠠ ᠶᠢ ᠲᠡᠰ ᠲᠡᠪᠰᠢᠬᠦᠯᠦᠨ ᠦᠷᠬᠡᠳᠬᠡᠨ ᠵᠠᠰᠠᠵᠦ᠂ ᠪᠦᠬᠦ᠋ᠢᠯᠡ ᠴᠤᠭᠴᠠ ᠶᠢᠨ ᠪᠠᠷᠢᠯᠭ᠎ᠠ ᠲᠠᠭᠤᠰᠤᠬᠰᠨᠨ ᠤ ᠲᠠᠷᠠᠭ᠎ᠠ᠂ | ᠰᠤᠷᠭᠠᠭᠤᠯᠢ ᠶᠢᠨ ᠡᠵᠡᠯᠡᠬᠦ ᠲᠠᠯᠠᠪᠠᠢ 20670 ᠲᠡᠭᠰᠢ ᠲᠦᠷᠪᠡᠯᠵᠢᠨ ᠮᠧᠲᠷ ᠪᠤᠯᠵᠤ ᠨᠡᠮᠡᠭᠳᠡᠬᠡᠳ᠂ ᠪᠠᠷᠢᠯᠭ᠎ᠠ ᠶᠢᠨ | ᠲᠠᠯᠠᠪᠠᠢ 10000 ᠲᠡᠭᠰᠢ ᠲᠦᠷᠪᠡᠯᠵᠢᠨ ᠮᠧᠲᠷ ᠪᠤᠯᠵᠤ᠂ ᠨᠤᠭᠤᠭᠠᠷᠠᠭᠤᠯᠤᠯᠳᠠ ᠶᠢᠨ ᠲᠠᠯᠠᠪᠠᠢ 1200 ᠲᠡᠭᠰᠢ | ᠲᠦᠷᠪᠡᠯᠵᠢᠨ ᠮᠧᠲᠷ ᠪᠤᠯᠵᠤ᠂ ᠨᠤᠭᠤᠭᠠᠷᠠᠭᠤᠯᠤᠯᠳᠠ ᠶᠢᠨ ᠨᠤᠷᠮ᠎ᠠ 6% ᠳᠤ ᠬᠦᠷᠴᠡᠢ᠃ ᠰᠤᠷᠭᠠᠭᠤᠯᠢ ᠡᠷᠬᠢᠯᠡᠬᠦ | ᠬᠡᠪᠴᠢᠶ᠎ᠡ ᠦᠩᠬᠡᠷᠡᠭᠰᠡᠨ ᠤ 18 ᠵᠢᠭᠠᠨ ᠰᠤᠷᠭᠠᠯᠳᠠ ᠶᠢᠨ ᠠᠩᠬᠢ ᠪᠠᠶᠢᠬᠰᠠᠨ ᠠᠴᠠ ᠪᠠᠨ ᠨᠡᠮᠡᠭᠳᠡᠬᠡᠳ 24 ᠪᠤᠯᠵᠤ᠂ | ᠰᠤᠷᠤᠬᠴᠢ ᠶᠢᠨ ᠲᠤᠭ᠎ᠠ 1000 ᠶᠢ ᠲᠠᠪᠠᠵᠠᠢ᠃ ᠤᠳᠤ ᠪᠠᠶᠢᠭ᠎ᠠ ᠪᠠᠭᠰᠢ ᠠᠵᠢᠯᠳᠠᠨ 100 ᠬᠦᠮᠦᠨ᠂ ᠲᠤᠰᠬᠠᠢ | ᠲᠤᠰᠢᠶᠠᠯ ᠲᠠᠢ ᠪᠠᠭᠰᠢ ᠨᠡᠷ ᠤᠨ ᠰᠤᠷᠤᠯᠭ᠎ᠠ ᠶᠢᠨ ᠨᠠᠮᠳᠠᠷ ᠪᠦᠬᠦᠨ ᠢᠶᠠᠷ ᠢᠶᠠᠨ ᠪᠠᠷᠢᠮᠵᠢᠶ᠎ᠠ ᠳᠤ ᠬᠦᠷᠴᠡᠢ︔ ᠡᠬᠦᠨ ᠳᠤ | ᠬᠤᠳᠠ ᠶᠢᠨ ᠲᠡᠰ ᠤᠨ ᠵᠢᠭᠠᠨ ᠰᠤᠷᠭᠠᠯᠳᠠ ᠶᠢᠨ ᠴᠢᠳᠡᠪᠦᠷᠢᠳᠡᠨ 3᠂ ᠬᠦᠨᠳᠡᠯᠡᠨ ᠲᠤᠭᠤᠷᠢᠭ ᠤᠨ ᠲᠡᠰ ᠤᠨ ᠵᠢᠭᠠᠨ | ᠰᠤᠷᠭᠠᠯᠳᠠ ᠶᠢᠨ ᠴᠢᠳᠡᠪᠦᠷᠢᠳᠡᠨ 3᠂ ᠠᠰᠫᠢᠷᠠᠨᠲ 17 ᠬᠦᠮᠦᠨ ᠪᠤᠢ᠂ ᠡᠬᠦᠨ ᠳᠤ 40 ᠨᠠᠰᠤᠨ ᠠᠴᠠ ᠲᠤᠷᠤᠬᠰᠢᠬᠢ | ᠪᠠᠭᠰᠢ 47 ᠬᠦᠮᠦᠨ ᠪᠠᠶᠢᠵᠤ᠂ ᠪᠦᠬᠦ ᠪᠠᠭᠰᠢ ᠠᠵᠢᠯᠳᠠᠨ ᠤ 47% ᠶᠢ ᠡᠵᠡᠯᠡᠵᠤ᠂ ᠨᠢᠬᠡᠨ ᠲᠠᠷᠢᠬᠦᠨ ᠤ ᠰᠤᠷᠭᠠᠨ | ᠬᠦᠮᠦᠵᠢᠯ ᠵᠢᠭᠠᠨ ᠰᠤᠷᠭᠠᠯᠳᠠ ᠶᠢᠨ ᠤᠨᠤᠯ ᠢ ᠪᠦᠷᠢᠯᠳᠦᠬᠦᠯᠦᠭᠰᠡᠨ ᠪᠦᠬᠡᠳ ᠤᠳᠤ ᠦᠶ᠎ᠠ ᠶᠢᠨ ᠰᠤᠷᠭᠠᠨ ᠬᠦᠮᠦᠵᠢᠯ ᠵᠢᠭᠠᠨ | ᠰᠤᠷᠭᠠᠯᠳᠠ ᠶᠢᠨ ᠮᠡᠷᠬᠡᠵᠢᠯ ᠳᠤ ᠴᠠᠭᠠᠷᠠᠬᠰᠠᠨ᠂ ᠰᠤᠷᠭᠠᠨ ᠬᠦᠮᠦᠵᠢᠯ ᠵᠢᠭᠠᠨ ᠰᠤᠷᠭᠠᠯᠳᠠ ᠶᠢᠨ ᠪᠠᠶᠠᠯᠢᠭ ᠲᠤᠷᠰᠢᠯᠭ᠎ᠠ ᠲᠠᠢ | ᠮᠡᠳᠡᠯᠬᠡᠵᠢᠭᠰᠡᠨ᠂ ᠵᠠᠯᠠᠭᠤᠵᠢᠬᠰᠠᠨ᠂ ᠲᠤᠰᠬᠠᠢᠢᠵᠢᠬᠰᠠᠨ ᠰᠤᠷᠭᠠᠨ ᠬᠦᠮᠦᠵᠢᠯ ᠤᠨ ᠡᠩᠨᠡᠭᠡ ᠪᠤᠯᠤᠨ᠎ᠠ᠃ | | | |