ᠪᠤᠭᠤᠳᠤ  ᠪᠤᠯᠤᠳ  ᠤᠨ ᠠᠷᠪᠠᠨ ᠬᠤᠶᠠᠳᠤᠭᠠᠷ ᠲᠤᠮᠳᠠᠳᠤ ᠰᠤᠷᠭᠠᠭᠤᠯᠢ
ᠨᠡᠶᠢᠲᠡᠯᠡᠭᠰᠡᠨ ᠴᠠᠭ᠄
2019/2/18
       ᠪᠤᠭᠤᠳᠤ  ᠪᠤᠯᠤᠳ  ᠤᠨ ᠠᠷᠪᠠᠨ ᠬᠤᠶᠠᠳᠤᠭᠠᠷ ᠲᠤᠮᠳᠠᠳᠤ ᠰᠤᠷᠭᠠᠭᠤᠯᠢ ᠪᠤᠯ ᠪᠦᠬᠦᠯᠢ ᠡᠳᠦᠷ ᠤᠨ ᠲᠦᠷᠢᠮᠳᠤ ᠡᠩ ᠤᠨ ᠠᠩᠬ᠎ᠠ ᠵᠡᠷᠬᠡ ᠶᠢᠨ ᠲᠤᠮᠳᠠᠳᠤ ᠰᠤᠷᠭᠠᠭᠤᠯᠢ ᠪᠠᠶᠢᠵᠤ᠂  ᠬᠤᠰᠢᠭᠤᠴᠢ ᠠᠩᠬᠢ ᠵᠠᠮ ᠤᠨ 207 ᠳ᠋ᠤᠭᠠᠷ ᠨᠤᠮᠧᠷ ᠲᠤ ᠪᠠᠶᠢᠷᠢᠯᠠᠵᠤ᠂ 1962 ᠤᠨ ᠳᠤ ᠪᠠᠶᠢᠭᠤᠯᠤᠬᠳᠠᠵᠤ᠂ ᠤᠤᠯ ᠨᠡᠷ᠎ᠡ ᠨᠢ ︽ᠪᠤᠭᠤᠳᠤ ᠶᠢᠨ ᠪᠦᠳᠦᠬᠡᠨ ᠪᠠᠶᠢᠭᠤᠯᠤᠯᠳᠠ ᠶᠢᠨ ᠲᠡᠬᠡᠳᠤ ᠵᠡᠷᠬᠡ ᠶᠢᠨ ᠪᠠᠭ᠎ᠠ ᠰᠤᠷᠭᠠᠭᠤᠯᠢ︾  ᠪᠠᠶᠢᠵᠦ᠂ 1968 ᠤᠨ ᠳᠤ ᠠᠩᠬ᠎ᠠ ᠵᠡᠷᠬᠡ ᠶᠢᠨ ᠲᠤᠮᠳᠠᠳᠤ ᠰᠤᠷᠭᠠᠭᠤᠯᠢ ᠪᠤᠯᠭᠠᠨ ᠦᠬᠡᠷᠡᠴᠢᠯᠡᠵᠤ᠂ 1974 ᠤᠨ ᠠᠴᠠ ᠡᠬᠢᠯᠡᠨ ᠦᠨᠳᠦᠷ ᠵᠡᠷᠬᠡ ᠶᠢᠨ ᠲᠤᠮᠳᠠᠳᠤ ᠰᠤᠷᠭᠠᠭᠤᠯᠢ ᠶᠢᠨ ᠠᠩᠬᠢ ᠲᠤᠬᠢᠷᠠᠭᠤᠯᠵᠠᠢ᠃ 1968 ᠤᠨ ᠠᠴᠠ 1977 ᠤᠨ ᠪᠤᠯᠳᠠᠯ᠎ᠠ ᠤᠷᠢᠳ ᠬᠤᠵᠢᠳ ᠪᠤᠭᠤᠳᠤ ᠶᠢᠨ ᠪᠦᠳᠦᠬᠡᠨ ᠪᠠᠶᠢᠭᠤᠯᠤᠯᠳᠠ ᠶᠢᠨ ᠲᠦᠷᠪᠡᠳᠦᠬᠡᠷ ᠲᠤᠮᠳᠠᠳᠤ ᠰᠤᠷᠭᠠᠭᠤᠯᠢ᠂ ᠵᠦ ᠯᠦ ᠲᠤᠮᠳᠠᠳᠤ ᠰᠤᠷᠭᠠᠭᠤᠯᠢ᠂ ᠬᠤᠶᠠᠳᠤᠭᠠᠷ  ᠬᠠᠶᠢᠯᠤᠰᠢ ᠶᠢᠨ ᠲᠦᠷᠪᠡᠳᠦᠬᠡᠷ ᠲᠤᠮᠳᠠᠳᠤ ᠰᠤᠷᠭᠠᠭᠤᠯᠢ ᠬᠡᠮᠡᠨ ᠨᠠᠷᠠᠶᠢᠳᠴᠤ᠂ 1977 ᠤᠨ ᠠᠴᠠ 1982 ᠤᠨ ᠪᠤᠯᠳᠠᠯ᠎ᠠ ᠬᠤᠷᠢᠨ ᠬᠤᠶᠠᠳᠤᠭᠠᠷ  ᠬᠠᠶᠢᠯᠣᠰᠢ ᠶᠢᠨ ᠨᠢᠬᠡᠳᠦᠬᠡᠷ ᠲᠤᠮᠳᠠᠳᠤ ᠰᠤᠷᠭᠠᠭᠤᠯᠢ ᠬᠡᠵᠤ᠂ 1983 ᠤᠨ ᠠᠴᠠ 1993 ᠤᠨ ᠤ 4 ᠰᠠᠷ᠎ᠠ ᠪᠤᠯᠳᠠᠯ᠎ᠠ ᠬᠤᠶᠠᠳᠤᠭᠠᠷ ᠲᠡᠮᠦᠷᠯᠢᠭ ᠪᠤᠯᠪᠠᠰᠤᠷᠠᠭᠤᠯᠬᠤ ᠨᠢᠬᠡᠳᠦᠬᠡᠷ ᠲᠤᠮᠳᠠᠳᠤ ᠰᠤᠷᠭᠠᠭᠤᠯᠢ᠂ 1993 ᠤᠨ ᠤ 4 ᠰᠠᠷ᠎ᠠ ᠠᠴᠠ ᠤᠳᠤ ᠪᠤᠯᠳᠠᠯ᠎ᠠ ᠪᠤᠭᠤᠳᠤ ᠪᠤᠯᠤᠳ ᠤᠨ ᠠᠷᠪᠠᠨ ᠬᠤᠶᠠᠳᠤᠭᠠᠷ ᠲᠤᠮᠳᠠᠳᠤ ᠰᠤᠷᠭᠠᠭᠤᠯᠢ ᠬᠡᠵᠤ ᠨᠠᠷᠡᠶᠢᠳᠴᠤ᠂ ᠲᠠᠪᠢᠨ ᠲᠠᠪᠤᠨ ᠵᠢᠯ ᠤᠨ ᠦᠩᠬᠡ ᠬᠡᠷᠡᠯᠳᠤ ᠲᠡᠦᠬᠡ ᠲᠠᠢ ᠰᠤᠷᠭᠠᠭᠤᠯᠢ ᠪᠣᠯᠵᠠᠢ᠃ ᠤᠳᠤ ᠲᠤᠰ ᠰᠤᠷᠭᠠᠭᠤᠯᠢ 22 ᠵᠢᠭᠠᠨ ᠰᠤᠷᠭᠠᠯᠳᠠ ᠶᠢᠨ ᠠᠩᠬᠢ ᠲᠠᠢ᠂ 801 ᠰᠤᠷᠤᠬᠴᠢ ᠲᠠᠢ᠂ ᠰᠤᠷᠭᠠᠭᠤᠯᠢ ᠶᠢᠨ ᠪᠠᠭᠰᠢ ᠠᠵᠢᠯᠳᠠᠨ 91 ᠬᠦᠮᠦᠨ ᠪᠠᠶᠢᠵᠤ  ᠃ ᠡᠬᠦᠨ ᠳᠤ ᠪᠠᠭᠰᠢ ᠠᠵᠢᠯᠳᠠᠨ ᠤ ᠲᠤᠳᠤᠷ᠎ᠠ ᠨᠠᠮ ᠤᠨ ᠬᠡᠰᠢᠬᠦᠨ 46 ᠬᠦᠮᠦᠨ᠂ ᠲᠡᠬᠡᠳᠤ ᠵᠡᠷᠬᠡ ᠶᠢᠨ ᠪᠠᠭᠰᠢ 41᠂ ᠠᠰᠫᠢᠷᠠᠨᠲ ᠤᠨ ᠰᠤᠷᠤᠯᠭ᠎ᠠ ᠶᠢᠨ ᠨᠡᠮᠳᠡᠷ ᠲᠠᠢ ᠬᠦᠮᠦᠨ 13 ᠪᠤᠢ᠃ ᠰᠤᠷᠭᠠᠭᠤᠯᠢ ᠶᠢᠨ ᠰᠤᠷᠭᠠᠨ ᠬᠦᠮᠦᠵᠢᠯ ᠵᠢᠭᠠᠨ ᠰᠤᠷᠭᠠᠯᠳᠠ ᠶᠢᠨ ᠶᠠᠰᠦ ᠴᠢᠨᠡᠷ ᠦᠨᠳᠦᠷ᠂ ᠨᠡᠶᠢᠬᠡᠮ ᠤᠨ ᠨᠡᠷ᠎ᠡ ᠨᠦᠯᠦᠬᠡ ᠰᠠᠶᠢᠨ ᠪᠠᠶᠢᠵᠦ᠂ ᠲᠡᠭᠡᠷ᠎ᠡ ᠱᠠᠳᠤᠨ ᠤ ᠬᠠᠮᠢᠶᠠᠷᠤᠯᠳᠠ ᠶᠢᠨ ᠰᠠᠯᠠᠭ᠎ᠠ ᠮᠦᠴᠢᠷ ᠪᠤᠯᠤᠨ ᠰᠤᠷᠤᠬᠴᠢᠳ ᠤᠨ ᠬᠡᠷ ᠤᠨ ᠠᠬᠠᠮᠠᠳ ᠤᠨ ᠦᠨᠳᠦᠷ ᠦᠨᠡᠯᠡᠯᠳᠡ ᠶᠢ ᠤᠯᠵᠠᠢ᠃
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号