ᠰᠣ᠋ ᠨᠢᠩ ᠲᠠᠯᠠᠪᠠᠢ ᠶᠢᠨ ᠲᠣᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2019/2/19
      ᠰᠣ᠋ ᠨᠢᠩ ᠪᠣᠯ ᠳᠣᠮᠳᠠᠳᠣ  ᠣᠯᠣᠰ  ᠤᠨ ᠬᠤᠳᠠᠯᠳᠣᠭᠠᠨᠳᠣ ᠺᠣᠮᠫᠠᠨᠢ ᠶᠢᠨ ᠲᠦᠷᠦᠭᠦᠯᠡᠭᠴᠢ᠃ ᠣᠯᠠᠮᠵᠢᠯᠠᠯᠲᠣ ᠴᠠᠬᠢᠯᠭᠠᠨ ᠬᠡᠷᠡᠭᠰᠡᠯ᠂ ᠪᠦᠷᠢᠨ ᠪᠠᠷᠠᠭ᠎ᠠ᠂ ᠡᠳᠦᠷ ᠲᠣᠲᠤᠮ ᠤᠨ ᠪᠠᠷᠠᠭ᠎ᠠ᠂ ᠨᠣᠮ ᠳᠡᠪᠲᠡᠷ᠂ ᠬᠡᠶᠢᠰᠪᠦᠷᠢ ᠪᠦᠳᠦᠭᠡᠭᠳᠡᠭᠦᠨ ᠵᠡᠷᠭᠡ ᠶᠡᠷᠦᠩᠬᠡᠢ ᠪᠠᠷᠠᠭ᠎ᠠ ᠡᠵᠡᠩᠨᠡᠵᠦ ᠪᠠᠶᠢᠨ᠎ᠠ᠃ ᠣᠯᠠᠮᠵᠢᠯᠠᠯᠳᠤ ᠪᠠᠷᠠᠭᠠᠨ ᠳᠡᠯᠭᠡᠭᠦᠷ  ᠨᠢ1700 ᠢᠯᠡᠭᠦᠦ ᠭᠡᠷ᠂ ᠰᠦᠯᠵᠢᠶᠡᠨ ᠳᠠᠬᠢ ᠰᠣ᠋ ᠨᠢᠩ ᠳᠦᠭᠦᠮ ᠬᠤᠳᠠᠯᠳᠤᠭ᠎ᠠ ᠨᠢ ᠣᠯᠣᠰ ᠤᠨB2C ᠤᠨ ᠡᠮᠦᠨ᠎ᠡ ᠭᠤᠷᠪᠠ ᠳᠤ ᠣᠷᠣᠵᠣ᠂ ᠰᠦᠯᠵᠢᠶᠡᠨ ᠳᠠᠬᠢ ᠪᠠ ᠣᠯᠠᠮᠵᠢᠯᠠᠯᠲᠣ ᠪᠣᠷᠣᠯᠠᠭᠤᠯᠭ᠎ᠠ ᠶᠢᠨ ᠠᠭᠤᠰᠣᠯᠴᠠᠯ ᠨᠢ ᠵᠢᠵᠢᠭᠯᠡᠨ ᠬᠤᠳᠠᠯᠳᠣᠬᠤ ᠶᠢᠨ ᠰᠢᠨ᠎ᠡ ᠬᠠᠨᠳᠣᠰᠢ ᠶᠢ ᠡᠭᠦᠰᠭᠡᠵᠡᠢ᠃ᠵᠢᠩᠬᠢᠨᠢ ᠲᠠᠸᠠᠷ᠂ ᠴᠢᠨᠰᠠᠭ᠎ᠠ ᠲᠠᠢ ᠦᠢᠯᠡᠴᠢᠯᠡᠯᠭᠡ ᠂ ᠳᠦᠭᠦᠮ ᠳᠦᠳᠡ ᠬᠤᠳᠠᠯᠳᠣᠭᠠᠯᠠᠬᠤ᠂ ᠲᠠᠭᠠᠳᠠᠢ ᠪᠡᠶᠡᠴᠢᠯᠡᠨ ᠲᠣᠭᠤᠯᠬᠤ ᠨᠢ ᠪᠦᠷ ᠳᠠᠪᠠᠭᠤᠯᠢᠭ ᠲᠠᠯ᠎ᠠ ᠮᠦᠨ᠃  ᠰᠣ᠋ ᠨᠢᠩ ᠬᠤᠳᠠᠯᠳᠣᠭᠠᠨᠲᠣ ᠪᠦᠯᠦᠭᠯᠡᠯ ᠤᠨ ᠣᠭ ᠨᠡᠷ᠎ᠡ ᠨᠢ ᠰᠣ᠋ ᠨᠢᠩ ᠴᠠᠬᠢᠯᠭᠠᠨ ᠬᠡᠷᠡᠭᠰᠡᠯ ᠤᠨ ᠬᠤᠪᠢᠴᠠᠭᠠᠲᠣ ᠬᠢᠵᠠᠭᠠᠷᠳᠣ  ᠺᠣᠮᠫᠠᠨᠢ 2013 ᠣᠨ ᠤ2 ᠰᠠᠷ᠎ᠠ ᠶᠢᠨ19 ᠤ ᠡᠳᠦᠷ ᠨᠡᠷ᠎ᠡ ᠪᠠᠨ ᠦᠭᠡᠷᠡᠴᠢᠯᠡᠵᠡᠢ᠃  ᠰᠣ᠋ ᠨᠢᠩ ᠲᠠᠯᠠᠪᠡᠢ ᠪᠣᠯ ᠪᠣᠭᠤᠲᠣ ᠶᠢᠨ ᠰᠣ᠋ ᠨᠢᠩ ᠬᠤᠳᠠᠯᠳᠣᠭᠠᠨᠲᠣ ᠪᠣᠷᠣᠯᠠᠭᠤᠯᠭ᠎ᠠ ᠶᠢᠨ ᠬᠢᠵᠠᠭᠠᠷᠲᠣ ᠺᠣᠮᠫᠠᠨᠢ ᠠᠴᠠ ᠪᠡᠯᠡ ᠣᠷᠣᠭᠤᠯᠣᠨ ᠪᠠᠶᠢᠭᠤᠯᠤᠭᠰᠠᠨ ᠪᠠᠶᠢᠨ᠎ᠠ᠃ ᠪᠦᠬᠦ2.5 ᠲᠦᠮᠡᠨ㎡ ᠭᠠᠵᠠᠷ ᠡᠵᠡᠯᠡᠨ᠂ ᠪᠦᠬᠦ ᠪᠠᠷᠢᠯᠭ᠎ᠠ ᠶᠢᠨ ᠲᠠᠯᠠᠪᠠᠢ18.5 ᠲᠦᠮᠡᠨ㎡ ᠡᠭᠦᠨ ᠳᠤ ᠭᠠᠵᠠᠷ ᠳᠡᠭᠡᠷᠡᠬᠢ ᠪᠠᠷᠢᠯᠭ᠎ᠠ ᠶᠢᠨ ᠲᠠᠯᠠᠪᠡᠢ ᠨᠢ14.7 ᠲᠦᠮᠡᠨ㎡ ︵ ᠬᠤᠳᠠᠯᠳᠣᠭᠠᠨ ᠤ ᠲᠠᠯᠠᠪᠦᠷ ᠤᠨ ᠲᠠᠯᠠᠪᠠᠢ7.7 ᠲᠦᠮᠡᠨ㎡᠂ ᠣᠷᠣᠨ ᠰᠠᠭᠤᠴᠠ ᠶᠢᠨ ᠪᠠᠷᠢᠯᠭ᠎ᠠ ᠶᠢᠨ ᠲᠠᠯᠠᠪᠠᠢ7 ᠲᠦᠮᠡᠨ㎡︶ ᠭᠠᠵᠠᠷ ᠳᠣᠣᠷᠠᠬᠢ ᠪᠠᠷᠢᠯᠭ᠎ᠠ ᠶᠢᠨ ᠲᠠᠯᠠᠪᠡᠢ ᠨᠢ3.8 ᠲᠦᠮᠡᠨ㎡᠃ ᠺᠢᠨᠣ᠋ ᠶᠢᠨ  ᠣᠷᠳᠣᠨ᠂ ᠬᠤᠭᠤᠯᠠ  ᠤᠮᠳᠠᠭᠠᠨ᠂ ᠲᠠᠭᠠᠯᠠᠮᠵᠢᠲᠠᠢ ᠣᠷᠣᠨ ᠰᠠᠭᠤᠴᠠ᠂ ᠪᠠᠷᠠᠭᠠᠨ ᠳᠡᠯᠭᠡᠭᠦᠷ᠂ ᠭᠠᠵᠠᠷ ᠳᠣᠣᠷᠠᠬᠢ  ᠳᠡᠷᠭᠡᠨ ᠵᠠᠭᠰᠤᠭᠠᠯ ᠢ ᠪᠠᠭᠲᠠᠭᠠᠨ᠎ᠠ᠃ ᠰᠣ᠋ ᠨᠢᠩ ᠲᠠᠯᠠᠪᠠᠢ 135ᠨᠡᠷᠡᠲᠤ ᠲᠡᠮᠳᠡᠭᠲᠦ ᠲᠠᠸᠠᠷ ᠪᠠᠶᠢᠵᠣ᠂ ᠣᠯᠠᠨ ᠣᠯᠣᠰ ᠤᠨ ᠮᠤᠤᠳ᠋᠂ ᠣᠨᠴᠠᠯᠢᠭᠲᠣ ᠬᠤᠭᠤᠯᠠ ᠣᠮᠳᠠᠭ᠎ᠠ᠂ ᠰᠡᠯᠡᠭᠦᠴᠡᠨ ᠴᠡᠩᠭᠡᠬᠦ ᠵᠡᠷᠭᠡ20 % ᠶᠢ ᠳᠠᠪᠠᠭᠰᠠᠨ ᠨᠡᠷᠡᠲᠣ ᠲᠡᠮᠳᠡᠭ ᠪᠣᠭᠤᠲᠣ ᠳᠤ ᠲᠦᠷᠦᠭᠦᠦ ᠣᠳᠠᠭ᠎ᠠ ᠣᠷᠣᠯᠴᠠᠵᠣ᠂ ᠬᠡᠷᠡᠭᠯᠡᠭᠡ ᠶᠢᠨ ᠰᠢᠨ᠎ᠡ ᠵᠦᠢᠯ ᠤᠨ ᠣᠷᠣᠯᠴᠠᠯᠠᠭ᠎ᠠ ᠶᠢ ᠬᠠᠩᠭᠠᠵᠣ ᠂ ᠪᠣᠭᠤᠲᠣ ᠬᠤᠲᠠ ᠶᠢᠨ ᠴᠢᠨᠰᠠᠭ᠎ᠠ ᠦᠨᠳᠦᠷ ᠮᠤᠤᠳ᠋ ᠠᠮᠢᠳᠤᠷᠠᠯ ᠤᠨ ᠣᠯᠠᠨ ᠣᠯᠣᠰᠴᠢᠯᠠᠯᠲᠠ ᠶᠢ ᠠᠬᠢᠭᠤᠯᠣᠨ᠎ᠠ᠃
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号