ᠰᠥᠨᠠᠰᠤ ᠰᠢᠳᠥᠭᠡᠨ
ᠨᠡᠶᠢᠲᠡᠯᠡᠭᠰᠡᠨ ᠴᠠᠭ᠄
2019/3/12
      ᠰᠥᠨᠠᠰᠤ ᠪᠤᠯ ᠪᠥᠭᠡ ᠰᠢᠳᠥᠯᠭᠡ ᠶᠢᠨ ᠭᠤᠤᠯ ᠰᠢᠳᠥᠭᠡᠨ ᠤ ᠨᠢᠭᠡ ᠪᠤᠯᠬᠤ ᠶᠤᠮ᠃ ᠪᠥᠭᠡ ᠰᠢᠳᠥᠯᠭᠡ ᠨᠢ ᠭᠥᠮᠥᠨ᠂ ᠠᠮᠢᠳᠠᠨ ᠳᠤ ᠰᠥᠨᠠᠰᠤ ᠲᠠᠢ ᠪᠥᠭᠡᠳ ᠲᠠᠷᠠ ᠭᠦ ᠰᠥᠨᠠᠰᠤ ᠨᠢ ᠭᠥᠮᠥᠨ᠂ ᠠᠮᠢᠳᠠᠨ ᠢ ᠡᠵᠡᠮᠳᠠᠨ ᠵᠠᠭᠢᠷᠴᠤ ᠪᠠᠶᠢᠬᠤ ᠪᠠᠷ ᠥᠢᠯᠠᠭᠠᠳᠠᠭ᠃ ᠪᠥᠭᠡ ᠰᠢᠳᠥᠯᠭᠡ ᠶᠢᠨ ᠰᠥᠨᠠᠰᠤᠨ ᠤ ᠲᠤᠬᠠᠢ ᠥᠢᠯᠠᠭᠠᠯᠳᠠ ᠪᠠᠷ ᠪᠤᠯ ᠭᠥᠮᠤᠨ᠂ ᠠᠮᠢᠳᠠᠨ ᠳᠤ ᠭᠤᠷᠪᠠᠨ ᠰᠥᠨᠠᠰᠤ ᠲᠠᠢ ᠭᠡᠵᠥ ᠥᠵᠡᠳᠡᠭ᠃ ᠡᠭᠦᠨ ᠳᠤ᠂ ᠪᠠᠶ᠎ᠠ ᠶᠢᠨ ᠰᠥᠨᠠᠰᠤ᠂ ᠮᠥᠡᠭᠭᠡ ᠰᠥᠨᠠᠰᠤ᠂ ᠲᠥᠷᠥᠯ ᠠᠷᠠᠯᠵᠢᠬᠤ ᠰᠥᠨᠠᠰᠤ ᠭᠡᠵᠥ ᠢᠯᠭᠠᠨ ᠨᠠᠷᠠᠯᠡᠭᠡᠳ᠂ ᠪᠠᠶ᠎ᠠ ᠶᠢᠨ ᠰᠥᠨᠠᠰᠤ ᠨᠢ ᠭᠥᠮᠥᠨ᠂ ᠠᠮᠢᠳᠠᠨ ᠤ ᠪᠠᠶ᠎ᠠ ᠳᠤ ᠤᠷᠤᠰᠢᠵᠥ᠂ ᠭᠥᠮᠥᠨ᠂ ᠠᠮᠢᠳᠠᠨ ᠥᠭᠦᠪᠠᠯ᠂ ᠭᠡᠭᠦᠷ ᠪᠠᠶ᠎ᠠ ᠶᠢ ᠨᠢ ᠰᠠᠭᠢᠬᠤ ᠭᠡᠭᠦ︔ ᠮᠥᠡᠭᠭᠡ ᠰᠥᠨᠠᠰᠤ ᠨᠢ ᠭᠥᠮᠥᠨ᠂ ᠠᠮᠢᠳᠠᠨ ᠥᠭᠦᠭᠰᠡᠨ ᠴᠤ ᠮᠥᠡᠭᠭᠡ ᠰᠥᠨᠠᠰᠤ ᠨᠢ ᠥᠭᠦᠭᠦ ᠥᠭᠡᠢ᠂ ᠥᠷ᠎ᠠ ᠭᠡᠥᠭᠡᠳ ᠢᠶᠠᠨ ᠬᠠᠷᠠᠵᠤ ᠬᠠᠷᠠᠭᠠᠯᠵᠠᠳᠠᠭ ᠭᠡᠭᠦ︔ ᠲᠥᠷᠥᠯ ᠠᠷᠠᠯᠵᠢᠬᠤ ᠰᠥᠨᠠᠰᠤ ᠨᠢ ᠭᠥᠮᠥᠨ᠂ ᠠᠮᠢᠳᠠᠨ ᠥᠭᠦᠪᠠᠯ᠂ ᠥᠭᠡᠷ᠎ᠠ ᠲᠥᠷᠥᠯ ᠤᠯᠬᠤ ᠭᠡᠭᠦ ᠮᠠᠳᠤ ᠪᠠᠷ ᠲᠠᠨᠢᠵᠥ ᠲᠠᠶᠢᠯᠪᠤᠷᠢᠯᠠᠳᠠᠭ᠃ ᠪᠠᠶ᠎ᠠ ᠶᠢᠨ ᠰᠥᠨᠠᠰᠤ ᠶᠢ ᠪᠠᠰᠠ ᠭᠤᠤᠯ ᠰᠥᠨᠠᠰᠤ᠂ ᠠᠮᠢᠨ ᠰᠥᠨᠠᠰᠤ ᠭᠡᠭᠦ ᠪᠠ ᠲᠥᠷᠥᠯ ᠠᠷᠠᠯᠵᠢᠬᠤ ᠰᠥᠨᠠᠰᠤ ᠶᠢ ᠲᠠᠭᠢᠨ ᠲᠥᠷᠥᠭᠦ ᠰᠥᠨᠠᠰᠤ᠂ ᠲᠥᠷᠥᠯ ᠤᠯᠬᠤ ᠰᠥᠨᠠᠰᠤ ᠭᠡᠭᠦ ᠮᠠᠳᠤ ᠪᠠᠷ ᠠᠳᠠᠯᠢ ᠪᠤᠰᠤ ᠪᠠᠷ ᠨᠠᠷᠠᠯᠡᠳᠡᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号