ᠲᠢᠶᠠᠨ ᠯᠥᠩ ᠠᠮᠢ ᠠᠬᠤᠢ ᠶᠢᠨ ᠳᠠᠯᠠᠨ ᠬᠠᠷ᠎ᠠ ᠶᠢᠨ ᠵᠢᠭᠤᠯᠴᠢᠯᠠᠯ ᠤᠨ ᠦᠵᠡᠮᠵᠢ ᠶᠢᠨ ᠣᠷᠣᠨ ᠨᠢ | ᠦᠪᠦᠷ ᠮᠤᠩᠭᠤᠯ ᠤᠨ ᠪᠣᠭᠤᠲᠣ ᠬᠤᠲᠠ ᠶᠢᠨ ᠤᠮᠠᠷ᠎ᠠ 110 ᠣᠯᠣᠰ ᠤᠨ ᠵᠠᠮ ᠤᠨ 676 ᠺᠢᠯᠣᠮᠧᠲᠷ ᠲᠤ | ᠪᠠᠶᠢᠷᠢᠯᠠᠨ᠃ ᠪᠠᠷᠤᠭ 5.5 ᠲᠦᠮᠡᠨ ᠮᠦ ᠭᠠᠵᠠᠷ ᠡᠵᠡᠯᠡᠵᠤ᠂ ᠨᠡᠷᠡᠲᠤ ᠠᠭᠤᠯᠠ ᠨᠢᠷᠤᠭᠤ --ᠮᠣᠨᠢ ᠠᠭᠤᠯᠠ ᠶᠢᠨ | ᠨᠢᠭᠡ ᠰᠠᠯᠪᠣᠷᠢ᠂ ᠮᠤᠨᠢ ᠠᠭᠤᠯᠠ ᠶᠢᠨ ᠳᠤᠮᠳᠠ ᠬᠡᠰᠡᠭ ᠲᠤ ᠪᠠᠶᠢᠷᠢᠰᠢᠵᠤ᠂ ᠮᠦᠨᠴᠤ ᠮᠤᠨᠢ ᠠᠭᠤᠯᠠ ᠶᠢᠨ | ᠠᠭᠤᠯᠠᠷᠬᠠᠭ ᠭᠠᠵᠠᠷ ᠣᠷᠣᠨ ᠳᠠᠬᠢ ᠣᠢ ᠰᠢᠭᠤᠢ᠂ ᠪᠤᠲᠠ ᠲᠠᠯ᠎ᠠ ᠭᠠᠵᠠᠷ ᠠᠯᠠᠯᠠᠭᠰᠠᠨ᠂ ᠲᠠᠯ᠎ᠠ ᠨᠤᠲᠤᠭ | ᠰᠤᠯᠪᠢᠴᠠᠭᠰᠠᠨ ᠦᠵᠡᠮᠵᠢ ᠬᠠᠮᠤᠭ ᠪᠦᠷᠢᠨ ᠪᠦᠲᠦᠨ ᠣᠷᠣᠨ ᠤ ᠨᠢᠭᠡ ᠬᠡᠰᠡᠭ᠂ ᠮᠤᠨᠢ ᠠᠭᠤᠯᠠ ᠶᠢᠨ ᠠᠭᠤᠯᠠᠷᠬᠠᠭ | ᠣᠷᠣᠨ ᠤ ᠠᠮᠢᠳᠤ ᠪᠣᠳᠠᠰ ᠤᠨ ᠣᠯᠠᠨ ᠶᠠᠩᠵᠣᠲᠦ ᠴᠢᠨᠠᠷ ᠬᠠᠮᠤᠭ ᠲᠦᠪᠯᠡᠷᠡᠭᠰᠡᠨ ᠪᠦᠰᠡ ᠪᠠᠶᠢᠬᠤ᠂ ᠲᠣᠳᠣᠭᠠᠳᠣ | ᠠᠽᠢᠶ᠎ᠠ ᠶᠢᠨ ᠲᠠᠯ᠎ᠠ ᠨᠤᠲᠤᠭ ᠤᠨ ᠠᠮᠢ ᠠᠬᠤᠢ ᠶᠢᠨ ᠲᠡᠩᠴᠡᠭᠦᠷᠢ ᠶᠢ ᠪᠠᠲᠣᠯᠠᠬᠤ᠂ ᠤᠰᠤᠨ ᠤ ᠡᠬᠢ ᠬᠠᠮᠠᠭᠠᠯᠠᠬᠤ᠂ | ᠬᠦᠷᠤᠰᠤ ᠰᠢᠷᠦᠢ ᠬᠠᠮᠠᠭᠠᠯᠠᠬᠤ᠂ ᠪᠤᠷᠦ ᠲᠣᠬᠤᠢ ᠶᠢᠨ ᠤᠷᠤᠨ ᠴᠢᠨᠠᠭᠰᠢᠯᠠᠨ ᠬᠤᠸᠠᠪᠸᠢ ᠶᠢᠨ ᠲᠠᠯ᠎ᠠ ᠭᠠᠵᠠᠷ ᠢ | ᠬᠠᠮᠠᠭᠠᠯᠠᠬᠤ ᠳᠤ ᠪᠦᠷ ᠴᠢᠬᠤᠯᠠ ᠠᠴᠢ ᠬᠤᠯᠪᠣᠭᠳᠠᠯ ᠲᠠᠢ᠃ ᠲᠢᠶᠠᠨ ᠯᠥᠩ ᠠᠮᠢ ᠠᠬᠤᠢ ᠶᠢᠨ ᠬᠦᠷᠢᠶᠡᠯᠡᠩ ᠨᠢ | ᠠᠷᠪᠠᠨ ᠲᠠᠪᠣᠨ ᠵᠢᠯ ᠤᠨ ᠰᠦᠪᠡᠭᠴᠢᠯᠡᠯ ᠢ ᠦᠩᠭᠡᠷᠡᠭᠡᠵᠦ ᠳᠠᠯᠠᠨ ᠬᠠᠷ᠎ᠠ ᠶᠢᠨ ᠵᠢᠭᠤᠯᠴᠢᠯᠠᠯ ᠦᠵᠡᠮᠵᠢ ᠶᠢᠨ | ᠣᠷᠣᠨ ᠳᠤ ᠪᠠᠷᠤᠭ 7 ᠳ᠋ᠥᠡᠭᠰᠢᠭᠤᠷ ᠪᠡᠯᠡ ᠣᠷᠣᠭᠤᠯᠵᠣ᠂ ᠣᠢ ᠮᠣᠳᠣ 300 ᠲᠦᠮᠡ ᠢᠯᠡᠭᠦᠦ ᠮᠤᠳᠤ ᠵᠠᠶᠢᠯᠠᠵᠤ | ᠂ ᠵᠢᠷᠭᠤᠭᠠᠨ ᠲᠦᠮᠡᠨ ᠮᠦ ᠠᠮᠢ ᠠᠬᠤᠢ ᠶᠢᠨ ᠣᠷᠣᠨ ᠢ ᠰᠡᠷᠭᠦᠭᠡᠵᠤ᠂ ᠴᠦᠬᠦᠷᠥᠮ 12 ᠰᠠᠭᠤᠷᠢ ᠪᠣᠰᠬᠠᠵᠣ᠂ 8 | ᠣᠰᠣᠨ ᠰᠣᠪᠣᠷᠭ᠎ᠠ᠂ 22 ᠣᠰᠣ ᠬᠠᠳᠠᠭᠠᠯᠠᠬᠤ ᠰᠠᠪᠠ᠂ ᠤᠰᠤ ᠠᠷᠪᠢᠯᠠᠬᠤ ᠳᠣᠰᠣᠯᠭᠠᠨ ᠣᠰᠣᠯᠠᠬᠤ | ᠲᠦᠬᠦᠬᠡᠷᠦᠮᠵᠢ 3000 ᠢᠯᠡᠭᠦᠦ ᠺᠢᠯᠣᠮᠧᠲᠷ ᠳᠡᠪᠢᠰᠴᠣ᠂ ᠬᠦᠷᠢᠶᠡᠯᠡᠩ ᠤᠨ ᠵᠠᠮ150 ᠢᠯᠡᠭᠦᠦ ᠺᠢᠯᠣᠮᠧᠲᠷ | ᠵᠠᠰᠠᠵᠠᠢ᠃ ᠨᠡᠶᠢᠲᠡ 12 ᠳ᠋ᠥᠡᠭᠰᠢᠭᠤᠷ ᠲᠥᠭᠦᠷᠢᠭ ᠣᠷᠣᠭᠤᠯᠵᠣ᠂ ᠣᠢ ᠪᠤᠲᠠ ᠡᠪᠡᠰᠤᠨ ᠤ ᠨᠣᠭᠤᠭᠠᠷᠠᠭᠤᠯᠬᠤ | ᠨᠣᠷᠮ᠎ᠠ 70 % ᠬᠦᠷᠴᠦ᠂ ᠵᠢᠯ ᠳᠤ 30 ᠲᠦᠮᠡᠨ ᠬᠦᠮᠦᠨ ᠣᠳᠠᠭᠠᠨ ᠤ ᠵᠢᠭᠤᠯᠴᠢᠯᠠᠭᠴᠢᠳ ᠢ ᠬᠦᠯᠢᠶᠡᠨ | ᠠᠪᠣᠨ᠎ᠠ᠃ ᠦᠵᠡᠮᠵᠢ ᠶᠢᠨ ᠣᠷᠣᠨ ᠳᠤ ᠵᠠᠩ ᠦᠢᠯᠡ ᠶᠢᠨ ᠰᠣᠶᠣᠯ᠂ ᠠᠮᠢ ᠠᠬᠤᠢ ᠶᠢᠨ ᠰᠣᠶᠣᠯ᠂ | ᠬᠤᠳᠠᠯᠳᠣᠭᠠᠨ ᠤ ᠰᠣᠶᠣᠯ᠂ ᠵᠤᠭ᠎ᠠ ᠴᠡᠩᠬᠡᠯ ᠤᠨ ᠰᠣᠶᠣᠯ᠂ ᠡᠷᠡᠭᠦᠯ ᠮᠡᠨᠳᠦ ᠶᠢᠨ ᠰᠣᠶᠣᠯ ᠵᠡᠷᠭᠡ ᠣᠯᠠᠨ | ᠶᠠᠩᠵᠣ ᠶᠢᠨ ᠰᠣᠶᠣᠯ ᠤᠨ ᠬᠡᠯᠪᠡᠷᠢ ᠶᠢ ᠪᠠᠭᠲᠠᠭᠠᠵᠤ᠂ ᠵᠠᠩ ᠦᠢᠯᠡ ᠵᠣᠷᠴᠢᠨ ᠰᠣᠨᠢᠷᠬᠠᠬᠤ᠂ ᠠᠮᠢ ᠠᠬᠤᠢ ᠶᠢᠨ | ᠵᠢᠭᠤᠯᠴᠢᠯᠠᠯ᠂ ᠰᠡᠯᠡᠭᠦᠴᠡᠨ ᠴᠡᠩᠭᠡᠬᠦ ᠵᠡᠷᠭᠡ ᠣᠯᠠᠨ ᠵᠦᠢᠯ ᠤᠨ ᠴᠢᠳᠠᠮᠵᠢ ᠲᠠᠢ᠃ ᠪᠠᠰᠠᠴᠤ ᠰᠣᠨᠢᠷᠬᠠᠬᠤ ᠴᠢᠨᠠᠷ᠂ | ᠣᠷᠣᠯᠴᠠᠬᠤ ᠴᠢᠨᠠᠷ᠂ ᠵᠣᠭᠠᠴᠠᠬᠤ ᠴᠢᠨᠠᠷ᠂ ᠵᠠᠩ ᠦᠢᠯᠡ ᠶᠢᠨ ᠴᠢᠨᠠᠷ ᠠᠭᠤᠰᠣᠯᠴᠠᠭᠰᠠᠨ ᠠᠮᠢ ᠠᠬᠤᠢ ᠰᠣᠶᠣᠯ ᠢᠶᠠᠷ | ᠭᠤᠣᠯ ᠰᠡᠳᠦᠪ ᠪᠣᠯᠭᠠᠭᠰᠠᠨ ᠵᠣᠭᠠᠴᠠᠯ ᠤᠨ ᠣᠷᠣᠨ ᠮᠦᠨ᠃ ᠳᠠᠯᠠᠨ ᠬᠠᠷ᠎ᠠ ᠳᠤ ᠨᠣᠭᠤᠭᠠᠨ ᠬᠦᠷᠮ᠎ᠡ ᠡᠮᠦᠰᠭᠡᠵᠦ | ᠨᠡᠮᠡᠷᠢᠨ᠂ ᠲᠠᠯ᠎ᠠ ᠨᠣᠲᠤᠭ ᠤᠨ ᠠᠮᠢ ᠠᠬᠤᠢ ᠶᠢᠨ ᠲᠡᠩᠴᠡᠭᠦᠷᠢ ᠶᠢ ᠪᠠᠲᠣᠯᠠᠨ᠂ ᠳᠠᠯᠠᠨ ᠬᠠᠷ᠎ᠠ ᠶᠢ ᠪᠠᠶᠢᠭᠠᠯᠢᠭ | ᠬᠠᠯᠬᠠᠪᠴᠢ ᠶᠢᠨ ᠦᠢᠯᠡᠳᠦᠯ ᠲᠠᠢ ᠪᠣᠯᠭᠠᠵᠤ ᠂ ᠲᠢᠶᠠᠨ ᠯᠥᠩ ᠠᠮᠢ ᠠᠬᠤᠢ ᠶᠢᠨ ᠳᠠᠯᠠᠨ ᠬᠠᠷ᠎ᠠ | ᠵᠢᠭᠤᠯᠴᠢᠯᠠᠯ ᠤᠨᠦᠵᠡᠮᠵᠢ ᠶᠢᠨ ᠣᠷᠣᠨ ᠤ ᠡᠬᠢ ᠪᠠᠶᠠᠯᠢᠭ ᠢ ᠬᠠᠮᠠᠭᠠᠯᠠᠬᠤ ᠬᠡᠯᠪᠡᠷᠲᠦ ᠥᠵᠡᠮᠵᠢ ᠶᠢᠨ ᠣᠷᠣᠨ | ᠪᠣᠯᠭᠠᠵᠠᠢ᠃ | ᠣᠳᠣᠬᠠᠨ ᠪᠣᠯᠲᠠᠯ᠎ᠠ ᠲᠢᠶᠠᠨ ᠯᠥᠩ ᠠᠮᠢ ᠠᠬᠤᠢ ᠵᠢᠭᠤᠯᠴᠢᠯᠠᠯ ᠤᠨ ᠬᠦᠷᠢᠶᠡᠯᠡᠩ ᠳᠤ ᠪᠣᠭᠲᠠ ᠪᠠᠷ | ᠭᠤᠣᠯᠯᠠᠭᠰᠠᠨ ᠵᠢᠭᠤᠯᠴᠢᠯᠠᠭᠴᠢᠳ ᠤᠨ ᠬᠤᠭᠤᠯᠠ ᠢᠳᠡᠬᠦ ᠭᠠᠵᠠᠷ᠂ ᠬᠤᠷᠢᠮ ᠨᠠᠶᠢᠷ ᠤᠨ ᠠᠬᠤᠢ ᠥᠵᠡᠮᠵᠢᠲᠦ | ᠵᠢᠷᠤᠭ ᠠᠪᠬᠤ ᠰᠠᠭᠤᠷᠢᠨ ᠲᠠᠯᠠᠪᠣᠷ᠂ ᠲᠣᠯᠣᠭᠠᠨ ᠬᠡᠰᠡᠭ ᠣᠰᠣᠨ ᠪᠦᠰᠡ ᠢᠶᠠᠷ ᠪᠦᠷᠢᠯᠳᠦᠭᠰᠡᠨ ᠵᠢᠭᠠᠰᠣ ᠭᠦᠬᠢᠳᠡᠬᠦ | ᠰᠡᠯᠡᠭᠦᠴᠡᠯ ᠤᠨ ᠣᠷᠣᠨ ᠵᠢᠴᠢ 30 ᠮᠦ ᠢᠯᠡᠭᠦᠦ ᠶᠢᠨ ᠮᠣᠷᠢ ᠣᠷᠦᠯᠳᠣᠬᠤ ᠲᠠᠯᠠᠪᠣᠷ ᠲᠠᠢ᠃ | | | | | | | | | | | | | | | |