ᠤᠷᠤᠯᠳᠤᠭᠠᠨ ᠮᠤᠷᠢᠨ ᠤ ᠮᠢᠬᠠᠨ ᠤ ᠭᠥᠭᠡᠨᠭᠭᠢ ᠲᠠᠶᠢᠯᠬᠤ ᠭᠥᠯᠥᠰᠤ ᠠᠪᠬᠤ
ᠨᠡᠶᠢᠲᠡᠯᠡᠭᠰᠡᠨ ᠴᠠᠭ᠄
2019/4/15
       ᠰᠤᠩᠭᠠᠯᠳᠠ ᠶᠢᠨ ᠤᠷᠤᠯᠳᠤᠭᠠᠨ ᠠᠴᠠ ᠬᠤᠶᠢᠰᠢ᠂ ᠮᠤᠷᠢ ᠪᠠᠨ ᠪᠥᠭᠦᠯᠢ ᠰᠥᠨᠢ ᠲᠠᠯᠪᠢᠵᠥ ᠢᠳᠡᠭᠦᠯᠵᠥ᠂ ᠲᠠᠷᠠᠭ᠎ᠠ ᠨᠢ ᠬᠤᠶᠠᠷ ᠡᠳᠤᠷ ᠲᠠᠷᠠᠭᠠᠯᠠᠨ ᠥᠷ ᠢᠶᠠᠷ ᠲᠠᠯᠪᠢᠵᠥ ᠪᠥᠳᠥᠨ ᠡᠳᠤᠷ ᠢᠳᠡᠭᠦᠯᠳᠡᠭ᠃ ᠬᠤᠶᠠᠳᠡᠭᠢ ᠡᠳᠤᠷ ᠤᠨ ᠥᠳᠠ ᠶᠢᠨ ᠬᠤᠶᠢᠨ᠎ᠠ ᠪᠠᠷᠢᠵᠥ ᠤᠶᠠᠭᠠᠳ᠂ ᠨᠠᠷᠠ ᠰᠢᠩᠭᠡᠭᠰᠡᠨ ᠤ ᠲᠠᠷᠠᠭᠠᠬᠠᠨ ᠡᠮᠡᠭᠡᠯ ᠲᠠᠢ ᠤᠨᠤᠵᠤ ᠭᠥᠯᠥᠰᠤ ᠴᠢᠭᠢᠭᠳᠦᠭᠦᠯᠵᠤ ᠢᠷᠡᠭᠡᠳ᠂ ᠡᠮᠡᠭᠡᠯ ᠲᠠᠢ ᠨᠢ ᠤᠶᠠᠵᠤ ᠬᠤᠨᠤᠳᠠᠭ᠃ ᠥᠷᠯᠥᠭᠡ ᠶᠢᠨ ᠨᠠᠷᠡᠨ ᠢᠶᠠᠷ ᠡᠮᠡᠭᠡᠯ ᠢ ᠨᠢ ᠠᠪᠴᠤ ᠭᠥᠷᠪᠡᠭᠦᠯᠥᠭᠰᠡᠨ ᠤ ᠲᠠᠷᠠᠭ᠎ᠠ᠂ ᠬᠤᠶᠠᠷ ᠴᠠᠭ ᠰᠢᠬᠠᠮ ᠢᠳᠡᠭᠦᠯᠵᠥ ᠤᠰᠤᠯᠠᠭᠠᠳ ᠤᠶᠠᠳᠠᠭ᠃ ᠥᠳᠠ ᠶᠢᠨ ᠬᠠᠯᠠᠭᠤᠨ ᠳᠤ ᠰᠢᠷ᠎ᠠ ᠤᠰᠤ ᠪᠠᠷ ᠤᠭᠢᠶᠠᠵᠤ᠂ ᠬᠠᠳᠠᠭᠰᠠᠨ ᠤ ᠲᠠᠷᠠᠭ᠎ᠠ ᠲᠠᠭᠢᠨ ᠪᠥᠯᠢᠶᠠᠨ ᠤᠰᠤ ᠪᠠᠷ ᠤᠭᠢᠶᠠᠳᠠᠭ᠃ ᠥᠳᠠ ᠶᠢᠨ ᠬᠤᠶᠢᠨ᠎ᠠ ᠬᠤᠶᠠᠷ ᠴᠠᠭ ᠰᠢᠬᠠᠮ ᠭᠥᠳᠥᠯᠤᠨ ᠱᠤᠭᠰᠢᠭᠤᠯᠵᠤ᠂ ᠠᠮᠢᠰᠬᠤᠭ᠎ᠠ ᠶᠢ ᠨᠢ ᠲᠠᠷᠤᠭᠠᠳ ᠤᠶᠠᠳᠠᠭ᠃ ᠢᠡᠭᠭᠢᠪᠠᠯ ᠮᠤᠷᠢᠨ ᠤ ᠥᠶ᠎ᠠ ᠭᠡᠰᠢᠭᠦᠥ ᠶᠢᠨ ᠭᠥᠰᠢᠶ᠎ᠡ ᠲᠠᠯᠪᠢᠭᠳᠠᠵᠤ᠂ ᠶᠠᠳᠠᠷᠠᠭ᠎ᠠ ᠵᠥᠳᠡᠷᠡᠭᠡ ᠨᠢ ᠲᠠᠶᠢᠯᠤᠭᠳᠠᠨ᠂ ᠮᠢᠬᠠᠨ ᠤ ᠭᠥᠭᠡᠨᠭᠭᠢ ᠪᠠ ᠰᠢᠷᠠᠯᠠᠭᠰᠠᠨ ᠨᠢ ᠠᠷᠢᠯᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号