ᠪᠤᠭᠤᠳᠤ ᠬᠤᠳᠠ ᠶᠢᠨ ᠵᠢᠷᠭᠤᠳᠤᠭᠠᠷ ᠲᠤᠮᠳᠠᠳᠤ ᠰᠤᠷᠭᠠᠭᠤᠯᠢ 1956 ᠤᠨ ᠳᠤ ᠪᠠᠶᠢᠭᠤᠯᠤᠬᠳᠠᠵᠤ᠂ | ᠬᠦᠨᠳᠡᠯᠡᠨ ᠲᠤᠭᠤᠷᠢᠭ ᠤᠨ ᠬᠠᠮᠤᠭ ᠡᠷᠳᠡ ᠪᠠᠶᠢᠭᠤᠯᠤᠬᠳᠠᠬᠰᠠᠨ ᠲᠤᠮᠳᠠᠳᠤ ᠰᠤᠷᠭᠠᠭᠤᠯᠢ ᠪᠠᠶᠢᠵᠤ᠂ ᠦᠪᠦᠷ ᠮᠤᠩᠭᠤᠯ ᠤᠨ | ᠵᠢᠱᠢᠶ᠎ᠠ ᠦᠵᠡᠬᠦᠯᠬᠦ ᠳᠡᠭᠡᠳᠦ ᠲᠤᠮᠳᠠᠳᠤ ᠰᠤᠷᠭᠠᠭᠤᠯᠢ ᠪᠤᠯᠤᠨ ᠰᠢᠯᠢᠳᠡᠭ ᠳᠡᠭᠡᠳᠦ ᠲᠤᠮᠳᠠᠳᠤ ᠰᠤᠷᠭᠠᠭᠤᠯᠢ ᠪᠤᠯᠤᠨ᠎ᠠ᠃ | ᠰᠤᠷᠭᠠᠭᠤᠯᠢ ᠨᠢ ᠬᠦᠨᠳᠡᠯᠡᠨ ᠲᠤᠭᠤᠷᠢᠭ ᠤᠨ ᠨᠦᠬᠦᠷᠯᠡᠯ ᠵᠡᠬᠡᠯᠢ ᠶᠢᠨ 72 ᠳ᠋ᠤᠭᠠᠷ ᠨᠤᠮᠧᠷ ᠲᠤ ᠪᠠᠶᠢᠷᠢᠯᠠᠵᠤ᠂ ᠴᠢᠩᠱᠠᠨ | ᠲᠤᠭᠤᠷᠢᠭ᠂ ᠬᠤᠪᠤᠷ ᠰᠢᠷᠦᠢ ᠶᠢᠨ ᠲᠡᠬᠡᠳᠤ ᠰᠢᠨ᠎ᠠ ᠮᠡᠷᠬᠡᠵᠢᠯ ᠤᠨ ᠨᠡᠬᠡᠬᠡᠯᠳᠡ ᠶᠢᠨ ᠲᠤᠭᠤᠷᠢᠭ ᠲᠠᠢ ᠬᠦᠷᠰᠢᠯᠡᠵᠤ᠂ ᠵᠠᠮ | ᠬᠠᠷᠢᠯᠴᠠᠭ᠎ᠠ ᠲᠦᠬᠦᠮ᠃ ᠰᠤᠷᠭᠠᠭᠤᠯᠢ ᠶᠢᠨ ᠡᠵᠡᠯᠡᠬᠦ ᠲᠠᠯᠠᠪᠠᠢ 85 ᠮᠦ᠂ ᠰᠤᠷᠭᠠᠭᠤᠯᠢ ᠶᠢᠨ ᠬᠦᠷᠢᠶᠠᠨ ᠤ ᠤᠷᠴᠢᠨ | ᠲᠤᠭᠤᠷᠢᠨ ᠭᠤᠶᠤ ᠰᠠᠶᠢᠬᠠᠨ᠂ ᠲᠤᠨᠤᠭ ᠲᠦᠬᠦᠬᠡᠷᠦᠮᠵᠢ ᠪᠦᠷᠢᠨ ᠪᠦᠬᠡᠳ ᠲᠠᠷᠢᠬᠦᠨ ᠤ ᠪᠠᠶᠢᠵᠤ᠂ ᠤᠯᠤᠰ ᠤᠨ ᠲᠡᠰ ᠤᠨ | ᠪᠤᠬᠢᠷᠳᠤᠯ ᠦᠬᠡᠢ ᠰᠤᠷᠭᠠᠭᠤᠯᠢ ᠪᠠᠷ ᠦᠨᠡᠯᠡᠭᠳᠡᠵᠡᠢ᠃ ᠰᠤᠷᠭᠠᠭᠤᠯᠢ ᠶᠢᠨ ᠤᠳᠤ ᠪᠠᠶᠢᠭ᠎ᠠ ᠵᠢᠭᠠᠨ ᠰᠤᠷᠭᠠᠯᠳᠠ ᠶᠢᠨ ᠠᠩᠬᠢ | 42᠂ ᠰᠤᠷᠭᠠᠭᠤᠯᠢ ᠳᠤ ᠪᠠᠶᠢᠭ᠎ᠠ ᠰᠤᠷᠤᠭᠴᠢ 2000 ᠬᠦᠮᠦᠨ᠂ 196 ᠪᠠᠭᠰᠢ ᠲᠠᠢ᠃ ᠡᠬᠦᠨ ᠳᠤ ᠲᠡᠬᠡᠳᠤ ᠵᠡᠷᠬᠡ ᠶᠢᠨ | ᠪᠠᠭᠰᠢ 3᠂ ᠲᠡᠳ᠋ ᠲᠡᠬᠡᠳᠤ ᠵᠡᠷᠬᠡ ᠶᠢᠨ ᠪᠠᠭᠰᠢ 82᠂ ᠤᠯᠤᠰ ᠤᠨ ᠲᠡᠰ ᠤᠨ ᠭᠤᠤᠯᠯᠠᠬᠴᠢ ᠪᠠᠭᠰᠢ 2᠂ ᠦᠪᠡᠷᠳᠡᠬᠡᠨ | ᠵᠠᠰᠠᠬᠤ ᠤᠷᠤᠨ ᠤ ᠤᠨᠴᠠ ᠲᠡᠰ ᠤᠨ ᠪᠠᠭᠰᠢ 2᠂ ᠡᠯ᠎ᠡ ᠱᠠᠳᠤ ᠡᠯ᠎ᠡ ᠲᠦᠷᠦᠯ ᠤᠨ ᠵᠢᠭᠠᠨ ᠰᠤᠷᠭᠠᠯᠳᠠ ᠶᠢᠨ | ᠴᠢᠳᠡᠪᠦᠷᠢᠳᠡᠨ᠂ ᠬᠢᠴᠢᠶᠠᠯ ᠰᠢᠨᠵᠢᠯᠡᠬᠡᠨ ᠤ ᠲᠠᠭᠠᠭᠤᠯᠤᠬᠴᠢ 55 ᠬᠦᠮᠦᠨ ᠪᠤᠢ᠃ ᠪᠠᠭᠰᠢ ᠶᠢᠨ ᠡᠩᠨᠡᠬᠡᠨ ᠤ ᠨᠠᠰᠤ ᠵᠢᠯ ᠤᠨ | ᠪᠦᠳᠦᠴᠡ ᠵᠦᠢ ᠵᠤᠬᠢᠰᠳᠡᠢ᠂ ᠰᠤᠶᠤᠯ ᠤᠨ ᠪᠦᠳᠦᠴᠡ ᠰᠢᠯᠢᠳᠡᠭ᠂ ᠶᠡᠷᠦᠩᠬᠡᠶᠢᠯᠡᠭᠰᠡᠨ ᠬᠡᠪ ᠪᠤᠯᠪᠠᠰᠤᠷᠠᠯ ᠰᠠᠶᠢᠨ ᠪᠠᠶᠢᠳᠠᠭ᠃ | | | | |