ᠤᠷᠤᠯᠳᠤᠭᠠᠨ ᠮᠤᠷᠢᠨ ᠤ ᠢᠳᠡᠰᠢ ᠤᠤᠭᠤᠰᠢ ᠶᠢ ᠲᠠᠩᠴᠡᠭᠦᠯᠭᠦ
ᠨᠡᠶᠢᠲᠡᠯᠡᠭᠰᠡᠨ ᠴᠠᠭ᠄
2019/4/30
       ᠤᠷᠤᠯᠳᠤᠭᠠᠨ ᠮᠤᠷᠢᠨ ᠤ ᠤᠶᠠᠭ᠎ᠠ ᠰᠤᠷᠢᠯᠳᠠ ᠶᠢᠨ ᠬᠤᠭᠤᠴᠠᠭᠠᠨ ᠳᠤ ᠢᠳᠡᠭᠦᠯᠵᠥ ᠤᠤᠭᠤᠯᠭᠠᠬᠤ ᠨᠢ ᠴᠠᠭ ᠭᠡᠮᠵᠢᠶ᠎ᠠ ᠲᠠᠢ ᠪᠦᠬᠡᠳ ᠰᠢᠮ᠎ᠠ ᠲᠠᠵᠢᠭᠡᠯ ᠲᠠᠢ ᠡᠪᠡᠰᠤ ᠢᠳᠡᠭᠦᠯᠳᠡᠭ᠃ ᠤᠷᠤᠯᠳᠤᠭᠠᠨ ᠮᠤᠷᠢ ᠶᠢ ᠭᠢᠶᠠᠭ᠂ ᠠᠭᠢ᠂ ᠲᠠᠭᠠᠨ᠎ᠠ ᠲᠠᠢ ᠪᠡᠯᠴᠢᠭᠡᠷ ᠲᠤ ᠢᠳᠡᠭᠦᠯᠭᠦ ᠪᠠ ᠴᠡᠪᠡᠷ ᠰᠠᠯᠡᠭᠦᠨ ᠭᠠᠵᠠᠷ ᠰᠤᠩᠭᠤᠪᠠᠯ᠂ ᠢᠳᠡᠰᠢ ᠤᠤᠭᠤᠰᠢ ᠨᠢ ᠰᠠᠶᠢᠬᠠᠨ ᠲᠠᠩᠴᠠᠵᠤ᠂ ᠤᠶᠠᠭ᠎ᠠ ᠤᠷᠤᠬᠤ ᠨᠢ ᠲᠥᠷᠭᠡᠨ ᠪᠠᠶᠢᠳᠠᠭ᠃ ᠮᠤᠷᠢᠨ ᠤ ᠮᠠᠬᠠᠪᠤᠳ ᠤᠨ ᠰᠢᠨᠵᠢ ᠪᠤᠯᠤᠨ ᠲᠠᠷᠭᠤ ᠭᠥᠴᠥ ᠨᠢ ᠠᠳᠠᠯᠢ ᠥᠭᠡᠢ ᠪᠤᠯᠬᠤᠷ᠂ ᠢᠳᠡᠰᠢ ᠤᠤᠭᠤᠰᠢ ᠶᠢᠨ ᠪᠠᠶᠢᠳᠠᠯ ᠴᠤ ᠵᠥᠷᠢᠶ᠎ᠠ ᠲᠠᠢ ᠃ ᠶᠠᠷᠥᠩᠭᠡᠢ ᠳᠤ ᠪᠠᠨ ᠥᠯᠥᠨ ᠬᠤᠨᠭ᠍ᠬᠤᠷ ᠨᠢ ᠭᠥᠨ᠂ ᠴᠢᠬᠤᠯ ᠮᠤᠷᠢᠨ ᠤ ᠢᠳᠡᠰᠢ ᠪᠠᠭ᠎ᠠ᠂ ᠥᠯᠥᠨ ᠬᠤᠨᠭ᠍ᠬᠤᠷ ᠨᠢ ᠭᠥᠢᠭᠡᠨ᠂ ᠠᠭᠤᠵᠢᠮ ᠮᠤᠷᠢᠨ ᠤ ᠢᠳᠡᠰᠢ ᠶᠡᠭᠡ ᠲᠤᠯᠠ ᠢᠳᠡᠰᠢ ᠪᠠᠭ᠎ᠠ ᠮᠤᠷᠢ ᠶᠢ ᠡᠷᠳᠠ ᠲᠠᠯᠪᠢᠵᠥ᠂ ᠤᠷᠤᠢ ᠪᠠᠷᠢᠭᠠᠳ᠂ ᠢᠳᠡᠰᠢ ᠶᠡᠭᠡ ᠮᠤᠷᠢ ᠶᠢ ᠤᠷᠤᠢ ᠲᠠᠯᠪᠢᠵᠥ᠂ ᠡᠷᠳᠠ ᠪᠠᠷᠢᠳᠠᠭ᠃ ᠤᠶᠠᠭ᠎ᠠ ᠰᠤᠷᠢᠯᠳᠠ ᠶᠢᠨ ᠬᠤᠭᠤᠴᠠᠭᠠᠨ ᠳᠤ ᠥᠷᠯᠥᠭᠡ ᠥᠳᠡᠰᠢ ᠶᠢᠨ ᠰᠠᠷᠢᠭᠦᠨ ᠳᠤ ᠢᠳᠡᠭᠦᠯᠳᠡᠭ ᠨᠢ ᠬᠠᠯᠠᠭᠤᠨ ᠨᠤᠭᠤᠭ᠎ᠠ ᠢᠳᠡᠭᠰᠡᠨ ᠠᠴᠠ ᠪᠤᠯᠵᠤ᠂ ᠨᠤᠭᠤᠭ᠎ᠠ ᠶᠢᠨ ᠰᠢᠭᠦᠰᠤ ᠶᠢᠨ ᠬᠤᠤᠷᠳᠠᠯ ᠢᠶᠠᠷ ᠭᠡᠮ ᠤᠯᠬᠤ ᠠᠴᠠ ᠰᠠᠷᠭᠡᠶᠢᠯᠡᠭᠰᠡᠨ ᠤᠴᠢᠷ ᠶᠤᠮ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号