ᠪᠤᠭᠤᠳᠤ  ᠪᠤᠯᠤᠳ ᠤᠨ ᠲᠠᠪᠤᠳᠤᠭᠠᠷ ᠪᠠᠭ᠎ᠠ ᠰᠤᠷᠭᠠᠭᠤᠯᠢ
ᠨᠡᠶᠢᠲᠡᠯᠡᠭᠰᠡᠨ ᠴᠠᠭ᠄
2019/4/8
      ᠪᠤᠭᠤᠳᠤ ᠪᠤᠯᠤᠳ ᠤᠨ ᠲᠠᠪᠤᠳᠤᠭᠠᠷ ᠪᠠᠭ᠎ᠠ ᠰᠤᠷᠭᠠᠭᠤᠯᠢ ᠪᠤᠯ ᠬᠦᠨᠳᠡᠯᠡᠨ ᠲᠤᠭᠤᠷᠢᠭ ᠤᠨ ᠮᠥᠡᠭᠬᠡ ᠨᠤᠭᠤᠭᠠᠨ ᠵᠠᠮ ᠤᠨ ᠪᠠᠷᠠᠭᠤᠨ ᠬᠡᠰᠡᠭ ᠲᠤ ᠪᠠᠶᠢᠷᠢᠯᠠᠵᠤ᠂ ᠲᠡᠭᠡᠷ᠎ᠡ ᠵᠠᠭᠤᠨ ᠤ ᠲᠠᠪᠢᠭᠠᠳ ᠤᠨ ᠳᠤ ᠪᠠᠶᠢᠭᠤᠯᠵᠤ᠂ 2008 ᠤᠨ ᠳᠤ ᠦᠷᠬᠡᠳᠬᠡᠨ ᠵᠠᠰᠠᠵᠦ᠂ ᠨᠢᠬᠡᠨ ᠰᠠᠭᠤᠷᠢ ᠵᠠᠰᠠᠭ ᠵᠠᠬᠢᠷᠭᠠᠨ ᠤ ᠠᠯᠪᠠᠯᠠᠬᠤ ᠠᠰᠠᠷ ᠪᠠ ᠨᠢᠭᠡ ᠰᠠᠭᠤᠷᠢ ᠤᠯᠠᠨ ᠴᠢᠳᠡᠪᠬᠢᠳᠤ ᠵᠢᠭᠠᠨ ᠰᠤᠷᠭᠠᠯᠳᠠ ᠶᠢᠨ ᠠᠰᠠᠷ ᠢ ᠰᠢᠨ᠎ᠠ ᠪᠠᠷ ᠨᠡᠮᠡᠵᠤ ᠪᠠᠶᠢᠭᠤᠯᠵᠠᠢ᠃ ᠤᠢᠢᠷ᠎ᠠ ᠶᠢᠨ ᠵᠢᠯ ᠠᠴᠠ ᠨᠠᠭᠠᠰᠢ᠂ ᠲᠤᠭᠤᠷᠢᠭ ᠤᠨ ᠨᠠᠮ ᠤᠨ ᠬᠤᠷᠢᠶ᠎ᠠ ᠲᠤᠭᠤᠷᠢᠭ ᠤᠨ ᠵᠠᠰᠠᠭ ᠤᠨ ᠤᠷᠳᠤᠨ ᠠᠴᠠ ᠰᠤᠷᠭᠠᠨ ᠬᠦᠮᠦᠵᠢᠯ ᠤᠨ ᠤᠷᠤᠭᠤᠯᠤᠯᠳᠠ ᠪᠠᠨ ᠦᠷᠬᠦᠯᠵᠢᠯᠠᠨ ᠴᠢᠩᠭᠠᠳᠬᠠᠵᠤ᠂ ᠡᠬᠢ ᠪᠡᠶᠠᠯᠢᠭ ᠤᠨ ᠲᠤᠬᠢᠷᠠᠭᠤᠯᠤᠯᠳᠠ ᠶᠢ ᠲᠠᠩᠴᠡᠬᠦᠷᠢᠰᠢᠬᠦᠯᠵᠤ᠂ ᠰᠤᠷᠭᠠᠭᠤᠯᠢ ᠶᠢᠨ ᠶᠡᠷᠦᠩᠬᠡᠶᠢᠯᠡᠭᠰᠡᠨ ᠰᠤᠷᠭᠠᠭᠤᠯᠢ ᠡᠷᠬᠢᠯᠡᠬᠦ ᠪᠤᠳᠠᠳᠤ ᠬᠦᠴᠦᠨ ᠲᠠᠰᠤᠷᠠᠯᠳᠠ ᠦᠬᠡᠢ ᠲᠡᠬᠡᠭᠰᠢᠯᠡᠵᠡᠢ᠃       ᠰᠤᠷᠭᠠᠭᠤᠯᠢ ᠶᠢᠨ ᠡᠵᠡᠯᠡᠬᠦ ᠲᠠᠯᠠᠪᠠᠢ 10470 ᠲᠡᠭᠰᠢ ᠲᠦᠷᠪᠡᠯᠵᠢᠨ ᠮᠧᠲᠷ ᠪᠠᠶᠢᠵᠤ᠂ ᠪᠠᠷᠢᠯᠭ᠎ᠠ ᠶᠢᠨ ᠲᠠᠯᠠᠪᠠᠢ 4303 ᠲᠡᠭᠰᠢ ᠲᠦᠷᠪᠡᠯᠵᠢᠨ ᠮᠧᠲᠷ᠂ ᠵᠢᠭᠠᠨ ᠰᠤᠷᠭᠠᠯᠳᠠ ᠵᠢᠴᠢ ᠬᠠᠪᠰᠣᠷᠭᠠᠨ ᠬᠡᠷᠡᠭᠯᠡᠬᠦ ᠬᠡᠷ ᠪᠠᠶᠢᠰᠢᠩ 3493 ᠲᠡᠭᠰᠢ ᠲᠦᠷᠪᠡᠯᠵᠢᠨ ᠮᠧᠲᠷ᠂ ᠪᠠᠶ᠎ᠠ ᠲᠡᠮᠢᠷ ᠤᠨ ᠣᠷᠳᠣᠨ 4050 ᠲᠡᠭᠰᠢ ᠲᠦᠷᠪᠡᠯᠵᠢᠨ ᠮᠧᠲᠷ ᠪᠤᠢ᠃ ᠰᠤᠷᠭᠠᠭᠤᠯᠢ ᠳᠤ ᠪᠠᠶᠢᠭ᠎ᠠ ᠰᠤᠷᠤᠬᠴᠢ 911 ᠪᠠᠶᠢᠵᠤ᠂ 59 ᠪᠠᠭᠰᠢ ᠲᠠᠢ᠂ ᠡᠬᠦᠨ ᠳᠤ ᠦᠪᠦᠷ ᠮᠤᠩᠭᠤᠯ ᠤᠨ ᠵᠢᠭᠠᠨ ᠰᠤᠷᠭᠠᠯᠳᠠ ᠶᠢᠨ ᠴᠢᠳᠡᠪᠦᠷᠢᠳᠡᠨ 1 ᠬᠦᠮᠦᠨ᠂ ᠪᠤᠭᠤᠳᠤ ᠬᠤᠳᠠ ᠶᠢᠨ ᠬᠢᠴᠢᠶᠡᠯ ᠰᠢᠨᠵᠢᠯᠡᠬᠡᠨ ᠤ ᠲᠠᠭᠠᠭᠤᠯᠤᠬᠴᠢ 1 ᠬᠦᠮᠦᠨ᠂ ᠪᠤᠭᠤᠳᠤ ᠬᠤᠳᠠ ᠶᠢᠨ ᠵᠢᠭᠠᠨ ᠰᠤᠷᠭᠠᠯᠳᠠ ᠶᠢᠨ ᠴᠢᠳᠡᠪᠦᠷᠢᠳᠡᠨ 3 ᠬᠦᠮᠦᠨ᠂ ᠬᠦᠨᠳᠡᠯᠡᠨ ᠲᠤᠭᠤᠷᠢᠭ ᠤᠨ ᠬᠢᠴᠢᠶᠡᠯ ᠰᠢᠨᠵᠢᠯᠡᠬᠡᠨ ᠤ ᠲᠠᠭᠠᠭᠤᠯᠤᠬᠴᠢ 1 ᠬᠦᠮᠦᠨ᠂ ᠬᠦᠨᠳᠡᠯᠡᠨ ᠲᠤᠭᠤᠷᠢᠭ ᠤᠨ ᠵᠢᠭᠠᠨ ᠰᠤᠷᠭᠠᠯᠳᠠ ᠶᠢᠨ ᠴᠢᠳᠡᠪᠦᠷᠢᠳᠡᠨ 8 ᠬᠦᠮᠦᠨ ᠪᠤᠢ᠃
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号