ᠤᠷᠤᠯᠳᠤᠭᠠᠨ ᠮᠤᠷᠢᠨ ᠤ ᠤᠶᠠᠭ᠎ᠠ ᠵᠠᠳᠠᠯᠬᠤ
ᠨᠡᠶᠢᠲᠡᠯᠡᠭᠰᠡᠨ ᠴᠠᠭ᠄
2019/5/1
       ᠤᠷᠤᠯᠳᠤᠭᠠᠨ ᠲᠠᠭᠤᠰᠤᠭᠰᠠᠨ ᠤ ᠲᠠᠷᠠᠭ᠎ᠠ᠂ ᠤᠷᠤᠯᠳᠤᠭᠠᠨ ᠮᠤᠷᠢᠳ ᠢ ᠴᠢᠳᠤᠷᠯᠠᠵᠤ ᠥᠢᠷ᠎ᠠ ᠵᠠᠭᠤᠷ᠎ᠠ ᠠᠷᠠᠴᠢᠯᠠᠵᠤ᠂ ᠰᠢᠭᠤᠳ ᠠᠳᠤᠭᠤᠨ ᠳᠤ ᠲᠠᠯᠪᠢᠳᠠᠭ ᠥᠭᠡᠢ᠃ ᠬᠠᠷᠢᠨ ᠠᠷᠭᠠᠮᠵᠢᠬᠤ ᠪᠤᠶᠤ ᠭᠡᠳᠤᠨ ᠮᠤᠷᠢᠳ ᠢ ᠰᠤᠯᠠ ᠲᠠᠯᠪᠢᠵᠥ ᠠᠷᠠᠴᠢᠯᠠᠳᠠᠭ᠃ ᠬᠤᠷᠢᠭᠠᠳ ᠡᠳᠤᠷ ᠰᠠᠶᠢᠨ ᠢᠳᠡᠰᠢᠯᠡᠭᠦᠯᠥᠭᠡᠳ ᠨᠢᠭᠡ ᠤᠳᠠᠭ᠎ᠠ ᠤᠢᠢᠷ᠎ᠠ ᠤᠨᠤᠵᠤ᠂ ᠵᠥᠭᠡᠯᠡᠨ ᠭᠥᠯᠥᠰᠤᠯᠡᠵᠥ᠂ ᠡᠮᠡᠭᠡᠯ ᠲᠠᠢ ᠨᠢ ᠤᠶᠠᠵᠤ ᠬᠤᠨᠤᠭᠠᠳ᠂ ᠲᠠᠷᠠᠭ᠎ᠠ ᠡᠳᠤᠷ ᠨᠢ ᠠᠳᠤᠭᠤᠨ ᠳᠤ ᠲᠠᠯᠪᠢᠳᠠᠭ᠃ ᠠᠳᠤᠭᠤᠨ ᠳᠤ ᠭᠡᠳᠤ ᠬᠤᠨᠤᠭ ᠭᠥᠶᠥᠯᠭᠡᠵᠥ᠂ ᠪᠠᠶ᠎ᠠ ᠶᠢᠨ ᠴᠢᠯᠡᠭᠡ ᠶᠢ ᠨᠢ ᠭᠠᠷᠭᠠᠭᠠᠳ᠂ ᠲᠠᠭᠢᠨ ᠪᠠᠷᠢᠵᠥ ᠰᠢᠷ᠎ᠠ ᠤᠰᠤ ᠪᠠᠷ ᠤᠭᠢᠶᠠᠭᠠᠳ ᠠᠳᠤᠭᠤᠨ ᠳᠤ ᠲᠠᠯᠪᠢᠳᠠᠭ᠃ ᠡᠭᠦᠨ ᠢ ᠤᠷᠤᠯᠳᠤᠭᠠᠨ ᠮᠤᠷᠢᠨ ᠤ ᠤᠶᠠᠭ᠎ᠠ ᠵᠠᠳᠠᠯᠬᠤ ᠭᠡᠳᠡᠭ᠃ ᠤᠶᠠᠭ᠎ᠠ ᠵᠠᠳᠠᠯᠤᠭᠰᠠᠨ ᠮᠤᠷᠢ ᠭᠡᠮ ᠠᠷᠬᠠᠭ ᠰᠠᠭᠤᠳᠠᠭ ᠥᠭᠡᠢ ᠪᠥᠭᠡᠳ ᠲᠠᠷᠠᠭ᠎ᠠ ᠵᠢᠯ ᠤᠨ ᠤᠷᠤᠯᠳᠤᠭᠠᠨ ᠳᠤ ᠭᠥᠶᠥᠳᠠᠯ ᠬᠤᠷᠳᠤᠴᠠ᠂ ᠴᠢᠳᠠᠯ ᠲᠠᠭᠠᠭᠠᠴᠠ ᠨᠢ ᠨᠥᠯᠥᠭᠡᠯᠡᠭᠳᠡᠳᠡᠭ ᠥᠭᠡᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号