ᠤᠷᠤᠯᠳᠤᠭᠠᠨ ᠮᠤᠷᠢᠨ ᠤ ᠡᠷᠪᠡᠭᠡᠯᠵᠢ
ᠨᠡᠶᠢᠲᠡᠯᠡᠭᠰᠡᠨ ᠴᠠᠭ᠄
2019/5/20
       ᠤᠷᠤᠯᠳᠤᠭᠠᠨ ᠮᠤᠷᠢᠨ ᠤ ᠡᠷᠪᠡᠭᠡᠯᠵᠢ ᠶᠢ ᠵᠠᠷᠢᠮ ᠨᠤᠳᠤᠭ ᠲᠤ ᠲᠤᠬᠤᠰᠢ ᠭᠡᠨ᠎ᠠ᠃ ᠭᠡᠥᠭᠡᠳ ᠬᠤᠷᠳᠤᠨ ᠮᠤᠷᠢ ᠶᠢ ᠡᠮᠡᠭᠡᠯ ᠲᠠᠢ ᠤᠨᠤᠪᠠᠯ ᠤᠢᠢᠴᠢᠵᠥ ᠤᠨᠠᠬᠤ ᠳᠤ ᠲᠥᠷᠥᠭᠡᠨ ᠳᠤ ᠪᠠᠨ ᠴᠢᠷᠥᠭᠳᠡᠭᠦ ᠠᠶᠤᠯ ᠲᠠᠢ ᠪᠥᠭᠡᠳ ᠡᠮᠡᠭᠡᠯ ᠨᠢ ᠭᠥᠨᠳᠤ ᠪᠤᠯᠬᠤᠷ᠂ ᠤᠷᠤᠯᠳᠤᠭᠠᠨ ᠮᠤᠷᠢ ᠶᠢ ᠡᠮᠡᠭᠡᠯ ᠲᠠᠢ ᠤᠨᠤᠳᠠᠭ ᠥᠭᠡᠢ᠃ ᠵᠠᠶᠢᠳᠠᠩ ᠤᠨᠤᠬᠤ ᠳᠤ ᠭᠡᠥᠭᠡᠳ ᠤᠨ ᠪᠥᠭᠰᠡ ᠶᠢ ᠬᠤᠯᠭᠤᠬᠤ ᠤᠴᠢᠷ ᠠᠴᠠ ᠡᠷᠪᠡᠭᠡᠯᠵᠢ ᠲᠠᠢ ᠤᠨᠤᠭᠤᠯᠳᠠᠭ᠃ ᠡᠷᠪᠡᠭᠡᠯᠵᠢ ᠶᠢᠨ ᠲᠤᠮᠳᠠ ᠭᠡᠰᠡᠭ ᠨᠢ ᠥᠷᠭᠡᠨ᠂ ᠬᠤᠶᠠᠷ ᠥᠵᠥᠭᠦᠷ ᠥᠭᠡᠳᠠ ᠪᠠᠨ ᠠᠷᠠᠢ ᠨᠠᠷᠢᠬᠠᠨ ᠤᠷᠳᠤᠯᠵᠢᠨ ᠭᠡᠯᠪᠡᠷᠢ ᠲᠠᠢ ᠭᠢᠳᠡᠭ᠃ ᠭᠢᠭᠦ ᠠᠷᠭ᠎ᠠ ᠨᠢ ᠰᠢᠨ᠎ᠠ ᠢᠰᠡᠭᠡᠢ ᠶᠢ ᠲᠠᠪᠬᠤᠷᠯᠠᠨ ᠤᠶᠤᠵᠤ᠂ ᠬᠤᠶᠠᠷ ᠪᠥᠭᠦᠷᠭᠡ ᠮᠠᠶ᠋ᠢᠭ ᠲᠠᠢ ᠪᠥᠭᠡᠷᠠᠩᠭᠡᠶᠢᠯᠡᠨ ᠤᠶᠤᠳᠠᠭ ᠪᠥᠭᠡᠳ ᠵᠥᠪ ᠪᠤᠷᠤᠭᠤ ᠬᠤᠶᠠᠷ ᠲᠠᠯ᠎ᠠ ᠳᠤ ᠨᠢ ᠰᠤᠷ ᠭᠤᠭᠴᠤᠭ᠎ᠠ ᠭᠠᠷᠭᠠᠵᠤ᠂ ᠤᠯᠤᠩ ᠵᠢᠷᠢᠮ ᠲᠠᠳᠠᠬᠤ ᠳᠤ ᠵᠤᠷᠢᠭᠤᠯᠳᠠᠭ᠃ ᠡᠷᠪᠡᠭᠡᠯᠵᠢ ᠶᠢ ᠲᠤᠷᠭ᠎ᠠ᠂ ᠲᠤᠷᠳᠤᠩ ᠪᠤᠶᠤ ᠪᠥᠰ ᠢᠶᠠᠷ ᠭᠠᠳᠠᠷᠯᠠᠵᠤ᠂ ᠶᠠᠩᠵᠤ ᠪᠥᠷᠢ ᠶᠢᠨ ᠭᠡ ᠤᠭᠠᠯᠵᠠ ᠭᠠᠷᠭᠠᠵᠤ ᠴᠢᠮᠡᠳᠡᠭ᠃ ᠡᠷᠪᠡᠭᠡᠯᠵᠢ ᠶᠢ ᠵᠠᠷᠢᠮ ᠳᠤ ᠪᠠᠨ ᠲᠥᠷᠥᠭᠡ ᠲᠠᠢ ᠭᠢᠭᠦ ᠴᠤ ᠪᠠᠶᠢᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号