ᠤᠷᠤᠯᠳᠤᠭᠠᠨ ᠮᠤᠷᠢᠨ ᠤ ᠬᠠᠵᠠᠭᠠᠷ
ᠨᠡᠶᠢᠲᠡᠯᠡᠭᠰᠡᠨ ᠴᠠᠭ᠄
2019/5/22
       ᠤᠷᠤᠯᠳᠤᠭᠠᠨ ᠮᠤᠷᠢᠨ ᠤ ᠬᠠᠵᠠᠭᠠᠷ ᠢ ᠤᠯᠠᠩᠭᠢ ᠳᠤ ᠪᠠᠨ ᠴᠢᠯᠡᠭᠡ ᠨᠢ ᠭᠠᠷᠤᠭᠰᠠᠨ ᠰᠤᠷ ᠢᠶᠠᠷ ᠲᠠᠩ ᠵᠢᠯᠤᠭᠤ ᠲᠠᠢ ᠭᠢᠳᠡᠭ᠃ ᠵᠠᠷᠢᠮ ᠥᠶ᠎ᠠ ᠳᠤ ᠭᠥᠳᠥᠯᠭᠦ ᠳᠤ ᠵᠤᠷᠢᠭᠤᠯᠤᠨ ᠭᠥᠶᠤᠮᠠᠯ ᠵᠢᠯᠤᠭᠤ ᠭᠢᠨ᠎ᠠ᠃ ᠭᠥᠶᠥᠮᠠᠯ ᠵᠢᠯᠤᠭᠤ ᠭᠡᠳᠡᠭ ᠨᠢ ᠪᠤᠷᠤᠭᠤ ᠲᠠᠯ᠎ᠠ ᠶᠢᠨ ᠵᠤᠤᠵᠠᠢ ᠳᠤ ᠨᠢ ᠨᠥᠭᠦᠭᠡ ᠥᠵᠥᠭᠦᠷ ᠲᠤ ᠪᠠᠨ ᠵᠢᠵᠢᠭ ᠭᠠᠷᠠᠬ᠎ᠠ ᠲᠠᠢ ᠲᠥᠭᠡ ᠢᠯᠡᠭᠦᠥ ᠰᠤᠷ ᠪᠠᠭᠢᠯᠠᠵᠤ᠂ ᠲᠡᠭᠦᠨ ᠳᠤ ᠵᠥᠪ ᠲᠠᠯ᠎ᠠ ᠶᠢᠨ ᠵᠤᠤᠵᠠᠢ ᠳᠤ ᠪᠠᠭᠢᠯᠡᠭᠰᠡᠨ ᠵᠢᠯᠤᠭᠤ ᠶᠢᠨ ᠨᠥᠭᠦᠭᠡ ᠥᠵᠥᠭᠦᠷ ᠢ ᠰᠥᠪᠡᠯᠡᠭᠦ ᠭᠠᠷᠠᠬ᠎ᠠ ᠭᠢᠳᠡᠭ᠃ ᠲᠠᠶᠢᠨ ᠭᠦ ᠵᠢᠯᠤᠭᠤ ᠶᠢᠨ ᠨᠢᠭᠡ ᠭᠠᠷᠠᠬ᠎ᠠ ᠲᠠᠢ ᠥᠵᠥᠭᠦᠷ ᠢ ᠲᠠᠳᠠᠬᠤ ᠳᠤ ᠵᠢᠯᠤᠭᠤ ᠨᠢ ᠭᠥᠶᠥᠵᠥ ᠴᠤᠯᠪᠤᠭᠤᠷ ᠪᠤᠯᠤᠨ᠎ᠠ᠃ ᠤᠶᠠᠭᠠᠴᠢᠳ ᠴᠡᠪᠡᠷ ᠭᠢᠴᠠ ᠲᠠᠢ ᠬᠠᠵᠠᠭᠠᠷ ᠪᠤᠶᠤ ᠨᠠᠷᠢᠨ ᠮᠥᠡᠭᠭᠦ ᠪᠠᠷ ᠪᠥᠭᠡᠵᠢᠯᠡᠭᠰᠡᠨ ᠬᠠᠵᠠᠭᠠᠷ᠂ ᠡᠰᠡᠭᠦᠯ᠎ᠠ ᠭᠠᠤᠯᠢᠨ ᠵᠤᠤᠵᠠᠢ ᠲᠠᠢ ᠬᠠᠵᠠᠭᠠᠷ ᠵᠡᠷᠭᠡ ᠡᠷᠭᠢᠮᠰᠥᠭ ᠵᠠᠰᠠᠯ ᠲᠠᠢ ᠬᠠᠵᠠᠭᠠᠷ ᠢᠶᠠᠷ ᠤᠷᠤᠯᠳᠤᠭᠠᠨ ᠮᠤᠷᠢ ᠪᠠᠨ ᠪᠡᠯᠭᠡᠰᠢᠶᠠᠨ ᠬᠠᠵᠠᠭᠠᠷᠯᠠᠬᠤ ᠴᠤ ᠪᠠᠶᠢᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号