ᠤᠷᠤᠯᠳᠤᠭᠠᠨ ᠮᠤᠷᠢᠨ ᠤ ᠬᠤᠰᠤᠭᠤᠷ
ᠨᠡᠶᠢᠲᠡᠯᠡᠭᠰᠡᠨ ᠴᠠᠭ᠄
2019/5/27
       ᠤᠷᠤᠯᠳᠤᠭᠠᠨ ᠮᠤᠷᠢᠨ ᠤ ᠭᠥᠯᠥᠰᠤ ᠶᠢ ᠬᠤᠰᠤᠬᠤ ᠬᠤᠰᠤᠭᠤᠷ ᠢ ᠴᠠᠭᠠᠨ᠂ ᠤᠯᠠᠭᠠᠨ ᠽᠠᠨᠳᠠᠨ᠂ ᠰᠤᠮᠤᠨ ᠮᠤᠳᠤ᠂ ᠶᠠᠰᠢᠯ᠂ ᠬᠤᠯᠤᠰᠤ᠂ ᠬᠤᠰᠤ᠂ ᠬᠠᠶᠢᠯᠠᠰᠤᠨ ᠮᠤᠳᠤ ᠵᠠᠷᠭᠡ ᠪᠠᠷ ᠭᠢᠳᠡᠭ᠃ ᠡᠳ᠋ᠯᠡᠭᠦ ᠡᠵᠡᠨ ᠪᠤᠶᠤ ᠤᠶᠠᠭᠠᠴᠢ ᠶᠢᠨ ᠰᠤᠨᠢᠷᠬᠠᠯ ᠢᠶᠠᠷ ᠶᠡᠭᠡ ᠪᠠᠭ᠎ᠠ ᠨᠢ ᠵᠥᠷᠢᠶ᠎ᠠ ᠲᠠᠢ ᠪᠤᠯᠪᠠᠴᠤ᠂ ᠲᠥᠭᠡ ᠢᠯᠡᠭᠦᠥ ᠤᠷᠳᠤ᠂ ᠭᠤᠷᠪᠠᠨ ᠬᠤᠷᠤᠭᠤ ᠥᠷᠭᠡᠨ ᠪᠠᠶᠢᠳᠠᠭ᠃ ᠬᠤᠰᠤᠭᠤᠷ ᠭᠢᠭᠦ ᠬᠤᠯᠤᠰᠤᠨ ᠤ ᠪᠠᠨ ᠲᠤᠳᠤᠷ ᠲᠠᠯ᠎ᠠ ᠶᠢ ᠨᠢᠮᠭᠡᠯᠡᠨ ᠱᠤᠯᠤᠵᠤ᠂ ᠭᠥᠯᠥᠰᠤ ᠬᠤᠰᠤᠵᠤ ᠪᠤᠯᠬᠤᠢᠢᠴᠠ ᠢᠷ ᠭᠠᠷᠭᠠᠵᠤ᠂ ᠨᠥᠭᠦᠭᠡ ᠥᠵᠥᠭᠦᠷ ᠲᠤ ᠨᠢ ᠪᠠᠷᠢᠬᠤ ᠳᠤ ᠡᠪ ᠲᠠᠢ ᠪᠡᠷᠢᠭᠤᠯ ᠵᠤᠷᠭᠤᠳᠠᠭ᠃ ᠬᠤᠰᠤᠭᠤᠷ ᠤᠨ ᠥᠡᠭᠭᠡᠨ ᠲᠠᠯ᠎ᠠ ᠳᠤ ᠨᠢ ᠪᠡᠯᠭᠡ ᠲᠠᠮᠪᠡᠷᠡᠯ ᠲᠠᠢ ᠠᠮᠢᠳᠠᠨ ᠠᠷᠢᠶᠠᠳᠠᠨ ᠤ ᠲᠥᠷᠢ᠂ ᠠᠷᠪᠠᠨ ᠬᠤᠶᠠᠷ ᠵᠢᠯ ᠤᠨ ᠲᠥᠷᠰᠤ᠂ ᠲᠤᠯᠤᠭᠠᠨ ᠲᠠᠭᠢᠯ᠂ ᠨᠠᠢᠮᠠᠨ ᠡᠷᠳᠠᠨᠢ᠂ ᠮᠤᠷᠢᠨ ᠤ ᠵᠢᠷᠤᠭ᠂ ᠲᠥᠷᠪᠡᠨ ᠭᠥᠴᠤᠳᠠᠨ ᠪᠤᠶᠤ ᠮᠤᠩᠭᠤᠯ ᠤᠨᠴᠠᠯᠢᠭ ᠲᠠᠢ ᠭᠡ ᠤᠭᠠᠯᠵᠠ ᠰᠡᠶᠢᠯᠳᠡᠭ᠃ ᠬᠤᠰᠤᠭᠤᠷ ᠨᠢ ᠮᠤᠷᠢ ᠪᠠᠨ ᠬᠤᠰᠤᠬᠤ ᠡᠳ᠋ᠯᠡᠯ ᠪᠤᠯᠬᠤ ᠪᠠᠷ ᠪᠠᠷᠠᠬᠤ ᠥᠭᠡᠢ᠂ ᠡᠵᠡᠨ ᠭᠥᠮᠥᠨ ᠤ ᠭᠤᠶᠤᠯᠠᠯ ᠪᠤᠯᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号