ᠤᠷᠤᠯᠳᠤᠭᠠᠨ ᠮᠤᠷᠢᠨ ᠤ ᠲᠥᠷᠪᠡᠨ ᠤᠯᠠᠷᠢᠯ ᠤᠨ ᠠᠷᠠᠴᠢᠯᠠᠭ᠎ᠠ
ᠨᠡᠶᠢᠲᠡᠯᠡᠭᠰᠡᠨ ᠴᠠᠭ᠄
2019/5/6
      ᠤᠷᠤᠯᠳᠤᠭᠠᠨ ᠮᠤᠷᠢᠨ ᠤ ᠬᠤᠷᠳᠤᠨ ᠬᠥᠶᠥᠳᠠᠯ᠂ ᠴᠢᠳᠠᠯ ᠲᠠᠭᠠᠭᠠᠴᠠ ᠨᠢ ᠤᠶᠠᠭ᠎ᠠ ᠰᠤᠷᠢᠯᠳᠠ ᠶᠢᠨ ᠲᠤᠳᠤᠮᠳᠠᠯᠭ᠎ᠠ ᠲᠠᠢ ᠬᠤᠯᠪᠤᠭᠳᠠᠬᠤ ᠠᠴᠠ ᠭᠠᠳᠠᠨ᠎ᠠ᠂ ᠡᠩ ᠤᠨ ᠴᠠᠭ ᠤᠨ ᠠᠷᠠᠴᠢᠯᠠᠭ᠎ᠠ ᠲᠠᠢ ᠰᠢᠭᠤᠳ ᠬᠤᠯᠪᠤᠭ᠎ᠠ ᠲᠠᠢ ᠪᠠᠶᠢᠳᠠᠭ᠃       ᠤᠷᠤᠯᠳᠤᠭᠠᠨ ᠮᠤᠷᠢᠳ ᠢ ᠬᠠᠪᠤᠷ ᠬᠠᠷᠠᠰᠢᠳᠠᠯ᠎ᠠ ᠬᠠᠳᠠᠭᠤ ᠤᠨᠤᠬᠤ ᠥᠭᠡᠢ᠂ ᠵᠤᠨ ᠤ ᠡᠭᠢᠨ ᠳᠤ ᠤᠰᠤᠨ ᠲᠠᠷᠭᠤ ᠶᠢ ᠭᠥᠢᠴᠡᠳ ᠠᠪᠤᠭᠤᠯᠵᠤ᠂ ᠨᠠᠮᠤᠷ ᠲᠤᠰᠤ ᠵᠠᠯᠭᠢᠳᠠᠯ᠎ᠠ ᠰᠢᠷᠥᠭᠦᠨ ᠤᠨᠤᠬᠤ ᠥᠭᠡᠢ᠂ ᠡᠪᠥᠯ ᠲᠠᠷᠭᠤ ᠭᠥᠴᠥ ᠶᠢ ᠨᠢ ᠪᠠᠭᠤᠷᠠᠭᠤᠯᠬᠤ ᠥᠭᠡᠢ ᠪᠠᠶᠢᠬᠤ ᠶᠢ ᠠᠩᠬᠠᠷᠳᠠᠭ᠃ ᠤᠷᠤᠯᠳᠤᠭᠠᠨ ᠤ ᠲᠠᠷᠠᠭ᠎ᠠ ᠤᠶᠠᠭ᠎ᠠ ᠵᠠᠳᠠᠯᠵᠤ ᠠᠳᠤᠭᠤᠨ ᠳᠤ ᠲᠠᠯᠪᠢᠵᠤ ᠨᠢᠭᠡ ᠬᠤᠭᠤᠴᠠᠭ᠎ᠠ ᠠᠮᠠᠷᠠᠭᠠᠪᠠᠯ᠂ ᠬᠠᠶᠠ ᠪᠠᠷᠢᠵᠥ ᠤᠶᠠᠵᠤ ᠰᠦᠢᠬᠤ᠂ ᠥᠢᠷ᠎ᠠ ᠵᠠᠭᠤᠷ᠎ᠠ ᠤᠨᠤᠳᠠᠭ᠃ ᠢᠡᠭᠭᠢᠪᠠᠯ ᠮᠤᠷᠢ ᠭᠡᠮ ᠠᠷᠬᠠᠭ ᠤᠯᠬᠤ ᠥᠭᠡᠢ᠂ ᠲᠠᠷᠭᠤ ᠭᠥᠴᠥ ᠰᠠᠭᠤᠬᠤ ᠳᠤ ᠨᠢ ᠰᠠᠶᠢᠨ ᠪᠠᠶᠢᠳᠠᠭ᠃ ᠨᠠᠮᠤᠷ ᠤᠨ ᠰᠡᠭᠦᠯᠴᠢ ᠪᠠᠷ ᠤᠶᠠᠵᠤ ᠰᠦᠢᠬᠤ ᠪᠠ ᠡᠪᠤᠯ ᠤᠨ ᠤᠯᠠᠷᠢᠯ ᠳᠤ ᠶᠢᠰᠤ ᠤᠷᠤᠭᠰᠠᠨ ᠤ ᠲᠠᠷᠠᠭ᠎ᠠ᠂ ᠶᠢᠰᠤ ᠶᠢᠰᠤ ᠶᠢᠨ ᠡᠭᠢᠨ ᠤ ᠡᠳᠤᠷ ᠤᠶᠠᠪᠠᠯ᠂ ᠰᠢᠷᠭᠤᠭᠰᠠᠨ ᠬᠠᠯᠠᠭᠤᠨ ᠢ ᠲᠠᠭᠤᠵᠤ᠂ ᠰᠢᠷᠪᠤᠰᠤ ᠪᠤᠯᠴᠢᠩ ᠢ ᠨᠢ ᠴᠢᠩᠭᠠᠷᠠᠭᠤᠯᠬᠤ᠂ ᠲᠠᠷᠭᠤ ᠭᠥᠴᠥ ᠶᠢ ᠨᠢ ᠲᠤᠭᠳᠠᠭᠠᠬᠤ ᠳᠤ ᠰᠠᠶᠢᠨ ᠪᠠᠶᠢᠳᠠᠭ᠃ ᠮᠥᠨ ᠬᠠᠪᠤᠷ ᠠᠭᠢ ᠨᠢᠳᠤᠯᠡᠭᠦ ᠥᠶ᠎ᠠ ᠳᠤ ᠠᠳᠤᠭᠤᠨ ᠳᠤ ᠲᠠᠯᠪᠢᠬᠰᠠᠨ ᠤᠷᠤᠯᠳᠤᠭᠠᠨ ᠮᠤᠷᠢ ᠶᠢ ᠪᠠᠷᠢᠵᠥ᠂ ᠭᠥᠯᠥᠰᠤ ᠴᠢᠭᠢᠭᠯᠡᠭᠦᠯᠥᠭᠡᠳ ᠡᠮᠡᠭᠡᠯ ᠲᠠᠢ ᠨᠢ ᠤᠶᠠᠵᠤ ᠬᠤᠨᠤᠭᠠᠳ᠂ ᠮᠠᠷᠭᠠᠰᠢ ᠨᠢ ᠠᠳᠤᠭᠤᠨ ᠳᠤ ᠲᠠᠯᠪᠢᠬᠤ︔ ᠵᠤᠨ ᠤ ᠡᠭᠢ ᠪᠠᠷ ᠭᠥᠭᠦᠭᠡ ᠲᠤᠩᠭᠤᠳᠬᠤ ᠶᠢᠨ ᠡᠮᠥᠨ᠎ᠠ᠂ ᠰᠠᠯᠭᠢ ᠥᠭᠡᠢ ᠲᠤᠭᠳᠠᠭᠤᠨ ᠳᠤ ᠪᠠᠷᠢᠵᠥ ᠭᠥᠯᠥᠰᠥᠯᠡᠭᠡᠳ᠂ ᠠᠳᠤᠭᠤᠨ ᠳᠤ ᠲᠠᠯᠪᠢᠬᠤ ᠵᠠᠷᠭᠡ ᠪᠠᠷ ᠤᠶᠠᠭ᠎ᠠ ᠰᠦᠢᠯᠭ᠎ᠠ ᠭᠢᠭᠦ ᠤᠯᠠᠮᠵᠢᠯᠠᠯ ᠲᠠᠢ ᠶᠤᠮ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号