ᠤᠷᠤᠯᠳᠤᠭᠠᠨ ᠮᠤᠷᠢ ᠤᠨᠤᠭᠴᠢ ᠶᠢᠨ ᠬᠤᠪᠴᠠᠰᠤ ᠵᠠᠰᠠᠯ
ᠨᠡᠶᠢᠲᠡᠯᠡᠭᠰᠡᠨ ᠴᠠᠭ᠄
2019/6/3
       ᠤᠷᠤᠯᠳᠤᠭᠠᠨ ᠮᠤᠷᠢᠨ ᠤ ᠬᠡᠤᠭᠡᠳ ᠤᠨ ᠬᠤᠪᠴᠠᠰᠤ ᠳᠤ ᠮᠠᠯᠠᠭᠠᠢ᠂ ᠠᠯᠴᠢᠭᠤᠷ᠂ ᠲᠡᠷᠯᠢᠭ᠂ ᠭᠥᠷᠮ᠎ᠠ ᠨᠢ ᠥᠪᠡᠷᠮᠢᠴᠠ ᠤᠨᠴᠠᠯᠢᠭ ᠲᠠᠢ᠃ ᠭᠤᠤᠯᠳᠠᠭᠤ ᠬᠤᠷᠴᠠ ᠥᠡᠭᠭᠡ ᠶᠢᠨ ᠲᠤᠷᠭ᠎ᠠ᠂ ᠲᠤᠷᠳᠤᠩ ᠢᠶᠠᠷ ᠭᠢᠳᠡᠭ᠃ ᠤᠶᠠᠭᠠᠴᠢᠳ ᠮᠤᠷᠢᠨ ᠤ ᠪᠠᠨ ᠵᠢᠰᠤᠮ ᠢᠶᠠᠷ ᠭᠡᠥᠭᠡᠳ ᠤᠨ ᠬᠤᠪᠴᠠᠰᠤ ᠶᠢ ᠵᠤᠭᠢᠴᠠᠭᠤᠯᠵᠤ ᠭᠢᠳᠡᠭ᠃ ᠥᠡᠭᠭᠡ ᠢᠯᠭᠠᠷᠠᠮ᠎ᠠ ᠬᠤᠷᠴᠠ ᠥᠡᠭᠭᠡ ᠶᠢ ᠰᠤᠩᠭᠤᠳᠠᠭ ᠨᠢ ᠭᠡᠥᠭᠡᠳ ᠢᠶᠠᠨ ᠴᠤᠪᠤᠭᠤ ᠲᠡᠭᠵᠢᠨ ᠵᠠᠰᠠᠵᠤ ᠴᠢᠮᠡᠭᠯᠡᠭᠦ ᠵᠤᠷᠢᠭᠤᠯᠤᠯᠳᠠ ᠲᠠᠢ ᠠᠴᠠ ᠭᠠᠳᠠᠨ᠎ᠠ᠂ ᠤᠶᠠᠭᠠᠴᠢᠳ ᠬᠤᠯᠠ ᠠᠴᠠ ᠤᠨᠤᠭᠰᠠᠨ ᠭᠡᠥᠭᠡᠳ ᠤᠨ ᠢᠶᠠᠨ ᠰᠤᠳᠤᠨ ᠬᠤᠷᠴᠠ ᠥᠡᠭᠭᠡ ᠶᠢᠨ ᠬᠤᠪᠴᠠᠰᠤ ᠪᠠᠷ ᠨᠢ ᠥᠪᠡᠷ ᠤᠨ ᠢᠶᠠᠨ ᠮᠤᠷᠢ ᠶᠢ ᠢᠯᠭᠠᠨ ᠲᠠᠨᠢᠬᠤ ᠲᠠᠮᠳᠡᠭ ᠪᠤᠯᠭᠠᠳᠠᠭ᠃ ᠤᠷᠤᠯᠳᠤᠭᠠᠨ ᠮᠤᠷᠢ ᠤᠨᠤᠭᠴᠢ ᠭᠡᠥᠭᠡᠳ ᠤᠨ ᠮᠠᠯᠠᠭᠠᠢ ᠶᠢᠨ ᠵᠠᠭᠪᠤᠷ ᠶᠠᠩᠵᠤ ᠪᠥᠷᠢ ᠶᠢᠨ ᠪᠠᠶᠢᠳᠠᠭ ᠪᠥᠭᠡᠳ ᠵᠠᠷᠢᠮ ᠨᠢ ᠲᠤᠷᠳᠤᠩ ᠠᠯᠴᠢᠭᠤᠷ ᠤᠷᠢᠶᠠᠵᠤ᠂ ᠬᠤᠶᠠᠷ ᠥᠵᠥᠭᠦᠷ ᠢ ᠨᠢ ᠰᠠᠴᠤᠭ ᠭᠠᠷᠭᠠᠳᠠᠭ᠃ ᠡᠨᠡ ᠨᠢ ᠰᠠᠯᠭᠢᠨ ᠳᠤ ᠭᠡᠶᠢᠰᠴᠤ ᠰᠠᠶᠢᠬᠠᠨ ᠬᠠᠷᠠᠭᠳᠠᠬᠤ ᠶᠢᠨ ᠬᠠᠮᠳᠤ᠂ ᠤᠷᠤᠯᠳᠤᠭᠠᠨ ᠮᠤᠷᠢᠨ ᠤ ᠬᠤᠷᠳᠤᠨ ᠭᠥᠶᠤᠳᠠᠯ ᠳᠤ ᠭᠡᠥᠭᠡᠳ ᠤᠨ ᠲᠤᠯᠤᠭᠠᠢ ᠲᠤᠷᠭᠢᠬᠤ ᠠᠴᠠ ᠰᠠᠷᠭᠡᠶᠢᠯᠡᠭᠰᠡᠨ ᠵᠤᠷᠢᠯᠭ᠎ᠠ ᠲᠠᠢ᠃ ᠬᠤᠪᠴᠠᠰᠤᠨ ᠲᠡᠭᠡᠷ᠎ᠠ ᠨᠢ ᠥᠯᠵᠠᠢ ᠵᠠᠩᠭᠢᠶ᠎ᠠ᠂ ᠡᠯᠳᠡᠪ ᠭᠡ ᠤᠭᠠᠯᠵᠠ᠂ ᠪᠡᠯᠭᠡ ᠲᠠᠮᠪᠡᠷᠡᠯ ᠲᠠᠢ ᠥᠰᠥᠭ ᠵᠠᠷᠭᠡ ᠪᠠᠷ ᠭᠤᠶᠤᠵᠤ ᠴᠢᠮᠡᠳᠡᠭ᠃ ᠤᠷᠤᠯᠳᠤᠭᠠᠨ ᠮᠤᠷᠢ ᠤᠨᠤᠬᠤ ᠭᠡᠤᠭᠡᠳ ᠤᠨ ᠭᠤᠳᠤᠯ ᠨᠢ ᠭᠥᠯ ᠳᠤ ᠭᠥᠡᠭᠭᠡᠨ ᠮᠥᠷᠳᠡᠭᠡᠨ ᠵᠥᠭᠡᠯᠡᠨ ᠪᠠᠶᠢᠬᠤ ᠶᠢ ᠠᠩᠬᠠᠷᠳᠠᠭ᠃ ᠡᠨᠡ ᠨᠢ ᠮᠤᠷᠢᠨ ᠤ ᠭᠥᠭᠡ ᠮᠢᠬ᠎ᠠ ᠶᠢ ᠭᠡᠮᠳᠤᠭᠡᠬᠦ ᠠᠴᠠ ᠭᠢᠴᠢᠶᠡᠭᠰᠡᠨ ᠤ ᠤᠴᠢᠷ ᠶᠤᠮ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号