ᠤᠷᠤᠯᠳᠤᠭᠠᠨ ᠮᠤᠷᠢ ᠴᠠᠴᠡᠷ ᠡᠷᠭᠢᠭᠦ
ᠨᠡᠶᠢᠲᠡᠯᠡᠭᠰᠡᠨ ᠴᠠᠭ᠄
2019/6/5
       ᠤᠷᠤᠯᠳᠤᠭᠠᠨ ᠤ ᠮᠤᠷᠢᠳ ᠢ ᠮᠤᠷᠢ ᠲᠠᠯᠪᠢᠬᠤ ᠭᠠᠵᠠᠷ ᠠᠪᠠᠴᠢᠬᠤ ᠠᠴᠠ ᠡᠮᠥᠨ᠎ᠠ᠂ ᠨᠠᠶᠢᠷ ᠤᠨ ᠲᠠᠯᠠᠪᠠᠢ ᠳᠤ ᠤᠷᠤᠵᠤ᠂ ᠴᠠᠴᠡᠷ ᠡᠷᠭᠢᠭᠦ ᠶᠤᠰᠤᠯᠠᠯ ᠭᠢᠳᠡᠭ᠃ ᠤᠶᠠᠭᠠᠴᠢᠳ᠂ ᠤᠷᠤᠯᠳᠤᠭᠤᠯᠬᠤ ᠮᠤᠷᠢ᠂ ᠤᠨᠤᠭᠴᠢ ᠭᠡᠤᠭᠡᠳ ᠢᠶᠠᠨ ᠭᠤᠶᠤᠯᠠᠨ ᠵᠠᠰᠠᠵᠤ ᠭᠥᠳᠤᠯᠤᠭᠡᠳ᠂ ᠨᠠᠶᠢᠷ ᠤᠨ ᠲᠠᠯᠠᠪᠠᠢ ᠳᠤ ᠲᠠᠩ ᠮᠥᠷᠯᠡᠨ ᠵᠢᠭᠰᠠᠭᠠᠵᠤ ᠤᠷᠤᠬᠤ ᠳᠤ ᠪᠠᠨ ᠨᠠᠷᠨᠨ ᠵᠥᠪ ᠢᠶᠠᠷ ᠭᠤᠷᠪᠠ ᠡᠷᠭᠢᠭᠰᠡᠨ ᠤ ᠲᠠᠷᠠᠭ᠎ᠠ᠂ ᠮᠤᠷᠢ ᠲᠠᠯᠪᠢᠬᠤ ᠭᠠᠵᠠᠷ ᠢᠶᠠᠨ ᠶᠠᠪᠤᠳᠠᠭ᠃ ᠡᠭᠦᠨ ᠢ ᠴᠠᠴᠠᠷ ᠡᠷᠭᠢᠭᠦ ᠭᠡᠨ᠎ᠠ᠃ ᠤᠷᠤᠯᠳᠤᠭᠠᠨ ᠮᠤᠷᠢᠳ ᠴᠠᠴᠠᠷ ᠡᠷᠭᠢᠭᠦ ᠥᠶ᠎ᠠ ᠳᠤ ᠮᠤᠷᠢ ᠪᠥᠷᠢᠳᠭᠡᠭᠴᠢ ᠠᠴᠠ ᠤᠷᠤᠯᠳᠤᠭᠠᠨ ᠤ ᠮᠤᠷᠢᠳ ᠤᠨ ᠲᠤᠭ᠎ᠠ ᠶᠢ ᠨᠠᠶᠢᠳᠡᠯᠡᠭᠦ ᠶᠢᠨ ᠬᠠᠮᠳᠤ᠂ ᠨᠠᠶᠢᠷ ᠨᠠᠭᠠᠳᠤᠮ ᠳᠤ ᠲᠠᠷᠢᠭᠦᠯᠡᠵᠤ ᠪᠠᠶᠢᠬᠰᠠᠨ ᠨᠠᠷ᠎ᠠ ᠴᠤᠤᠳᠠᠢ ᠮᠤᠷᠢᠳ ᠪᠤᠯᠤᠨ ᠬᠠᠷᠢ ᠬᠤᠰᠢᠭᠤ ᠨᠤᠳᠤᠭ ᠠᠴᠠ ᠢᠷᠡᠭᠰᠡᠨ ᠮᠤᠷᠢᠳ ᠤᠨ ᠡᠵᠠᠨ ᠤ ᠨᠠᠷ᠎ᠠ᠂ ᠥᠡᠭᠭᠡ ᠵᠢᠰᠤᠮ ᠢ ᠨᠢ ᠲᠠᠨᠢᠯᠴᠠᠭᠤᠯᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号