ᠱᠧᠨ ᠬᠤᠸᠠ ᠢ ᠪᠠᠢ ᠯᠠᠨ ᠲᠢᠶᠠᠨ ᠪᠠᠷᠠᠭ᠎ᠠ ᠬᠤᠳᠠᠯᠳᠤᠨ ᠠᠪᠬᠤ ᠲᠦᠪ ᠪᠤᠯ ᠤᠤᠯ ᠤᠨ ᠱᠧᠨ ᠬᠤᠸᠠ | ᠢ ᠪᠠᠢ ᠪᠠᠷᠠᠭ᠎ᠠ ᠬᠤᠳᠠᠯᠳᠤᠨ ᠠᠪᠬᠤ ᠲᠦᠪ ᠪᠤᠯᠤᠨ ᠯᠠᠨ ᠲᠢᠶᠠᠨ ᠪᠠᠷᠠᠭ᠎ᠠ ᠬᠤᠳᠠᠯᠳᠤᠨ ᠠᠪᠬᠤ ᠠᠭᠤᠳᠠᠮ | ᠲᠠᠯᠠᠪᠠᠢ ᠪᠠᠷ ᠪᠦᠷᠢᠯᠳᠦᠵᠤ᠂ 2006 ᠤᠨ ᠳᠤ ᠱᠧᠨ ᠬᠤᠸᠠ ᠤᠯᠠᠨ ᠤᠯᠤᠰ ᠤᠨ ᠬᠤᠳᠠ ᠪᠤᠯᠤᠨ ᠪᠤᠭᠤᠳᠤ ᠶᠢᠨ | ᠪᠦᠷᠢᠨ ᠪᠠᠷᠠᠭᠠᠳᠤ ᠲᠤᠮᠤ ᠠᠰᠠᠷ ᠲᠤ ᠪᠠᠶᠢᠯᠳᠤᠬᠤ ᠪᠤᠳᠤᠯᠭ᠎ᠠ ᠶᠢᠨ ᠴᠢᠨᠠᠷᠳᠠᠢ ᠲᠠᠬᠢᠨ ᠴᠤᠬᠴᠠᠯᠠᠯᠳᠠ ᠬᠢᠵᠤ᠂ | ᠤᠤᠯ ᠤᠨ ᠯᠠᠨ ᠲᠢᠶᠠᠨ ᠬᠤᠳᠠᠯᠳᠤᠭᠠᠨ ᠤ ᠠᠰᠠᠷ ᠢ ᠪᠤᠭᠤᠳᠤ ᠶᠢᠨ ᠱᠧᠨ ᠬᠤᠸᠠ ᠯᠠᠨ ᠲᠢᠶᠠᠨ ᠪᠦᠷᠢᠨ ᠪᠠᠷᠠᠭᠠᠳᠤ | ᠬᠢᠵᠠᠭᠠᠷᠳᠤ ᠺᠤᠮᠫᠠᠨᠢ ᠬᠡᠮᠡᠨ ᠦᠬᠡᠷᠡᠴᠢᠯᠠᠨ ᠨᠠᠷᠠᠶᠢᠳᠴᠡᠢ︔ 2008 ᠤᠨ ᠤ 5 ᠰᠠᠷ᠎ᠠ ᠳᠤ᠂ ᠯᠠᠨ ᠲᠢᠶᠠᠨ ᠪᠦᠷᠢᠨ | ᠪᠠᠷᠠᠭᠠᠳᠤ ᠬᠤᠳᠠᠯᠳᠤᠭ᠎ᠠ ᠶᠢ ᠵᠢᠩᠬᠢᠨᠢ ᠪᠠᠷ ᠬᠦᠴᠦᠨ ᠦᠬᠡᠢ ᠪᠤᠯᠭᠠᠵᠤ᠂ ᠱᠧᠨ ᠬᠤᠸᠠ ᠢ ᠪᠠᠢ ᠯᠠᠨ ᠲᠢᠶᠠᠨ | MALL ᠶᠢ ᠪᠠᠶᠢᠭᠤᠯᠵᠤ᠂ ᠰᠠᠬᠦᠯᠡᠷ ᠨᠢ ᠱᠧᠨ ᠬᠤᠸᠠ ᠢ ᠪᠠᠢ ᠯᠠᠨ ᠲᠢᠶᠠᠨ ᠪᠠᠷᠠᠭ᠎ᠠ ᠬᠤᠳᠠᠯᠳᠤᠨ ᠠᠪᠬᠤ ᠲᠦᠪ | ᠬᠡᠵᠤ ᠦᠬᠡᠷᠡᠴᠢᠯᠠᠨ ᠨᠡᠷᠡᠶᠢᠳᠦᠭᠰᠡᠨ ᠪᠠᠶᠢᠨ᠎ᠠ᠃ | ᠱᠧᠨ ᠬᠤᠸᠠ ᠢ ᠪᠠᠢ ᠯᠠᠨ ᠲᠢᠶᠠᠨ ᠪᠠᠷᠠᠭ᠎ᠠ ᠬᠤᠳᠠᠯᠳᠤᠨ ᠠᠪᠬᠤ ᠲᠦᠪ ᠤᠨ ᠪᠠᠷᠢᠯᠭ᠎ᠠ ᠶᠢᠨ ᠲᠠᠯᠠᠪᠠᠢ | 31.746 ᠲᠡᠭᠰᠢ ᠲᠦᠷᠪᠡᠯᠵᠢᠨ ᠮᠧᠲᠷ ᠪᠠᠶᠢᠵᠤ᠂ ᠱᠧᠨ ᠬᠤᠸᠠ ᠤᠯᠠᠨ ᠤᠯᠤᠰ ᠤᠨ ᠬᠤᠲᠠ ᠶᠢᠨ ᠴᠢᠬᠤᠯᠠ | ᠪᠦᠷᠢᠯᠳᠦᠬᠦᠨ ᠬᠡᠰᠡᠭ ᠤᠨ ᠨᠢᠬᠡ ᠮᠦᠨ᠂ ᠤᠯᠤᠰ ᠤᠨ ᠲᠤᠳᠤᠭᠠᠳᠤ ᠭᠠᠳᠠᠭᠠᠳᠤ ᠶᠢᠨ 299 ᠲᠦᠷᠦᠯ ᠲᠡᠮᠳᠡᠭ | ᠠᠳᠡ ᠪᠠᠶᠢᠵᠤ᠂ ᠡᠵᠡᠩᠨᠡᠵᠤ ᠪᠠᠶᠢᠭ᠎ᠠ ᠲᠠᠸᠠᠷ ᠤᠨ ᠲᠦᠷᠦᠯ ᠵᠦᠢᠯ 30000 ᠲᠦᠮᠡ ᠭᠠᠷᠤᠢ ᠵᠦᠢᠯ ᠪᠠᠶᠢᠵᠤ᠂ | ᠡᠬᠦᠨ ᠳᠤ᠂ ᠤᠯᠤᠰ ᠤᠨ ᠲᠤᠳᠤᠭᠠᠳᠤ ᠶᠢᠨ ᠲᠤᠮᠤ᠂ ᠲᠤᠮᠳᠠ ᠲᠡᠰ ᠤᠨ ᠲᠦᠷᠦᠯ ᠲᠡᠮᠳᠡᠭ 50% ᠶᠢ ᠡᠵᠡᠯᠡᠵᠤ᠂ | ᠲᠤᠰᠬᠠᠢ ᠡᠷᠬᠢᠯᠡᠵᠤ ᠪᠠᠶᠢᠭ᠎ᠠ ᠲᠦᠷᠦᠯ ᠲᠡᠮᠳᠡᠭ 30% ᠶᠢ ᠡᠵᠡᠯᠡᠨ᠎ᠡ︔ ᠠᠰᠢᠬᠯᠠᠯᠳᠠ ᠳᠤ ᠤᠷᠤᠬᠰᠠᠨ ᠠᠴᠠ | ᠨᠠᠭᠠᠰᠢ᠂ ᠱᠧᠨ ᠬᠤᠸᠠ ᠢ ᠪᠠᠢ ᠯᠠᠨ ᠲᠢᠶᠠᠨ ᠪᠠᠷᠠᠭ᠎ᠠ ᠬᠤᠳᠠᠯᠳᠤᠨ ᠠᠪᠬᠤ ᠲᠦᠪ ᠨᠢᠬᠡ ᠵᠦᠢᠯ ᠤᠨ ᠰᠤᠶᠤᠯ ᠤᠨ | ᠠᠭᠤᠷ ᠠᠮᠢᠰᠬᠤᠯ ᠢ ᠴᠢᠷᠮᠠᠶᠢᠨ ᠪᠤᠢ ᠪᠤᠯᠭᠠᠵᠤ᠂ ᠴᠠᠭ ᠤᠨ ᠦᠩᠬᠡ ᠶᠢ ᠲᠠᠭᠠᠬᠰᠠᠨ᠂ ᠡᠷᠡᠬᠦᠯ ᠴᠢᠬᠢᠷᠠᠭ᠂ ᠨᠠᠷᠢᠯᠢᠭ | ᠭᠤᠶᠢᠳᠠ ᠴᠣ᠋ ᠰᠢᠨ᠎ᠠ ᠬᠤᠳᠠᠯᠳᠤᠭᠠᠨ ᠤ ᠦᠢᠯᠡᠰ ᠤᠨ ᠲᠦᠷᠢ ᠲᠦᠷᠬᠦ ᠶᠢ ᠱᠤᠭᠤᠵᠤ᠂ ᠪᠠᠷᠠᠭ᠎ᠠ ᠬᠤᠳᠠᠯᠳᠤᠨ | ᠠᠪᠬᠤ᠂ ᠵᠤᠭ᠎ᠠ ᠴᠡᠩᠬᠡᠯ᠂ ᠭᠤᠶᠤᠯᠠᠬᠤ᠂ ᠦᠰᠦ ᠵᠠᠰᠠᠬᠤ᠂ ᠪᠡᠶ᠎ᠠ ᠴᠢᠬᠢᠷᠠᠭᠵᠢᠭᠤᠯᠬᠤ᠂ ᠢᠳᠡᠬᠡᠨ ᠤᠮᠳᠠᠭᠠᠨ ᠢ | ᠵᠡᠷᠬᠡ ᠶᠢ ᠨᠢᠬᠡ ᠴᠤᠬᠴᠠᠵᠢᠭᠤᠯᠤᠭᠰᠠᠨ ︽ᠨᠢᠬᠡ ᠥᠷᠳᠡᠭᠡᠵᠢᠯᠡᠭᠰᠡᠨ ᠬᠡᠯᠪᠡᠷᠢ︾ ᠶᠢᠨ ᠪᠠᠷᠠᠭ᠎ᠠ ᠬᠤᠳᠠᠯᠳᠤᠨ ᠠᠪᠬᠤ | ᠲᠦᠪ ᠢ ᠴᠢᠷᠮᠠᠶᠢᠨ ᠪᠠᠶᠢᠭᠤᠯᠵᠤ ᠪᠠᠶᠢᠨ᠎ᠠ᠃ | | | |