ᠪᠠᠭᠠᠵᠢ ᠭᠡᠷᠡᠭᠰᠡᠯ ᠠᠴᠠ ᠰᠤᠪᠢᠵᠥ ᠵᠥᠡᠭᠨᠡᠭᠦ
ᠨᠡᠶᠢᠲᠡᠯᠡᠭᠰᠡᠨ ᠴᠠᠭ᠄
2020/2/25
     ᠮᠤᠩᠭᠤᠯᠴᠤᠳ ᠡᠳᠤᠷ ᠲᠤᠳᠤᠮ ᠤᠨ ᠠᠮᠢᠳᠤᠷᠠᠯ ᠥᠢᠯᠠᠳᠪᠤᠷᠢᠯᠠᠯ ᠳᠤ ᠥᠷᠭᠦᠯᠵᠢ ᠭᠡᠷᠡᠭᠯᠡᠭᠦ ᠪᠠᠭᠠᠵᠢ ᠭᠡᠷᠡᠭᠰᠡᠯ ᠳᠤ ᠢᠯᠠᠷᠡᠭᠦ ᠤᠨᠴᠠᠭᠠᠢ ᠥᠵᠡᠭᠳᠡᠯ ᠢ ᠥᠢᠯᠨ ᠭᠡᠷᠡᠭ ᠲᠠᠢ ᠬᠤᠯᠪᠤᠵᠤ ᠤᠢᠢᠯᠠᠭᠠᠨ ᠵᠥᠡᠭᠨᠡᠵᠤ ᠲᠥᠰᠥᠭᠡᠯᠡᠳᠡᠭ᠃ ᠲᠤᠬᠠᠢᠢᠯᠠᠪᠠᠯ᠂ ᠲᠠᠮᠠᠭᠢᠨ ᠭᠠᠨᠭ᠍ᠰᠠ ᠶᠢᠨ ᠪᠤᠭᠢ ᠬᠠᠳᠠᠪᠠᠯ ᠭᠠᠩ ᠬᠠᠪᠰᠠᠷᠭᠠᠨ ᠪᠤᠯᠵᠤ᠂ ᠪᠤᠭᠢ ᠨᠢ ᠲᠠᠪᠳᠤᠪᠠᠯ ᠪᠤᠷᠤᠭᠠᠨ ᠤᠷᠤᠨ᠎ᠠ ᠭᠡᠭᠦ︔ ᠭᠠᠨᠭ᠍ᠰᠠ ᠪᠠᠨ ᠲᠠᠯᠪᠢᠬᠤ ᠳᠤ ᠭᠠᠨᠭ᠍ᠰᠠᠨ ᠲᠤᠯᠤᠭᠠᠢ ᠠᠶᠠᠨᠳᠠᠭᠠᠨ ᠲᠡᠭᠡᠭᠰᠢ ᠬᠠᠨᠳᠤᠪᠠᠯ᠂ ᠲᠠᠮᠠᠭᠢᠨ ᠤ ᠤᠯᠵᠠ ᠲᠠᠢ ᠪᠤᠶᠤ ᠲᠠᠮᠠᠭᠢᠴᠢᠨ ᠵᠤᠴᠢᠨ ᠢᠷᠡᠨ᠎ᠠ ᠭᠡᠭᠦ︔ ᠭᠢᠳᠤᠭᠠᠨ ᠢᠷ ᠲᠡᠭᠡᠭᠰᠢ ᠬᠠᠨᠳᠤᠪᠠᠯ᠂ ᠤᠯᠠᠢ ᠥᠵᠡᠭᠳᠡᠭᠦ ᠭᠡᠭᠦ︔ ᠭᠥᠷᠵᠠ ᠶᠢᠨ ᠲᠤᠯᠤᠭᠠᠢ᠂ ᠡᠮᠡᠭᠡᠯ ᠤᠨ ᠲᠥᠷᠥᠭᠡ᠂ ᠲᠠᠮᠤᠷ ᠰᠠᠭᠤᠯᠠᠭ᠎ᠠ᠂ ᠠᠨᠵᠢᠰᠤᠨ ᠬᠤᠰᠢᠭᠤ ᠵᠠᠷᠭᠡ ᠳᠤ ᠴᠢᠭᠢᠭ ᠲᠠᠭᠠᠪᠤᠷᠯᠠᠬᠤ ᠶᠢ ᠭᠥᠯᠥᠰᠤ ᠭᠠᠷᠴᠤ ᠪᠠᠶᠢᠨ᠎ᠠ ᠭᠡᠵᠥ᠂ ᠬᠤᠷ᠎ᠠ ᠪᠤᠷᠤᠭᠠᠨ ᠡᠯᠪᠡᠭᠰᠢᠨ᠎ᠠ ᠭᠡᠭᠦ ᠮᠠᠳᠤ ᠪᠠᠷ ᠰᠠᠳᠭᠢᠵᠥ ᠵᠥᠡᠭᠨᠡᠳᠡᠭ᠃ ᠡᠭᠦᠨ ᠠᠴᠠ ᠭᠠᠳᠠᠨ᠎ᠠ᠂ ᠠᠶᠠᠨ ᠵᠠᠮ ᠳᠤ ᠶᠠᠪᠤᠵᠤ ᠪᠠᠶᠢᠭᠠᠳ ᠬᠠᠵᠠᠭᠠᠷ᠂ ᠨᠤᠭᠳᠤ᠂ ᠤᠷᠭ᠎ᠠ ᠤᠯᠬᠤ ᠪᠤᠶᠤ ᠲᠡᠭᠡᠭᠰᠢ ᠬᠠᠨᠳᠤᠭᠰᠠᠨ ᠠᠮᠠᠰᠠᠷ ᠲᠠᠢ ᠡᠳ᠋ᠯᠡᠯ ᠭᠡᠷᠡᠭᠰᠡᠯ ᠲᠠᠭᠠᠷᠠᠯᠳᠤᠬᠤ ᠶᠢ ᠥᠯᠵᠠᠢ ᠪᠡᠯᠭᠡ ᠲᠠᠢ ᠪᠠᠷ ᠥᠵᠡᠵᠤ᠂ ᠲᠠᠰᠢᠭᠤᠷ᠂ ᠮᠠᠯᠠᠭᠠᠢ ᠪᠤᠶᠤ ᠭᠥᠮᠥᠷᠢᠵᠥ ᠲᠤᠰᠤᠭᠰᠠᠨ ᠵᠥᠢᠯᠠᠰ ᠲᠠᠭᠠᠷᠠᠯᠳᠤᠪᠠᠯ᠂ ᠮᠠᠭᠤ ᠢᠷᠸ᠎ᠠ ᠭᠡᠵᠥ ᠥᠵᠡᠳᠡᠭ ᠪᠠᠶᠢᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号